ᠵᠠᠪᠠ ︵︖ — ᠪᠠᠷᠤᠭ 1224 ᠣᠨ︶᠂ ᠣᠣᠯ ᠨᠡᠷ᠎ᠡ ᠨᠢ ᠵᠢᠷᠭᠤᠭᠠᠳᠠᠢ᠂ ᠮᠣᠩᠭᠤᠯ ᠤᠨ ᠪᠠᠰᠣᠳ | ᠠᠶᠢᠮᠠᠭ ᠤᠨ ᠬᠦᠮᠦᠨ᠂ ᠮᠣᠩᠭᠤᠯ ᠬᠠᠭᠠᠨᠳᠣ ᠣᠯᠣᠰ ᠤᠨ ᠨᠡᠷᠡᠳᠦ ᠵᠠᠩᠵᠣᠨ᠃ ᠠᠩᠬ᠎ᠠ ᠡᠬᠢᠨ ᠳᠡᠭᠡᠨ | ᠲᠠᠶᠢᠴᠢᠭᠤᠳ ᠠᠶᠢᠮᠠᠭ ᠲᠤ ᠵᠢᠳᠭᠦᠵᠦ᠂ ᠴᠢᠩᠭᠢᠰ ᠤᠨ ᠣᠨᠣᠭᠰᠠᠨ ᠬᠦᠯᠦᠭ ᠢ ᠬᠠᠷᠪᠣᠵᠣ ᠠᠯᠠᠭᠰᠠᠨ ᠣᠳᠠᠭ᠎ᠠ ᠪᠣᠢ | ᠃ ᠰᠡᠭᠦᠯᠡᠷ ᠨᠢ ᠴᠢᠩᠭᠢᠰ ᠬᠠᠭᠠᠨ ᠳᠤ ᠣᠷᠣᠵᠣ ᠦᠭᠭᠦᠭᠡᠳ ᠵᠡᠪᠡ ᠨᠡᠷ᠎ᠡ ᠬᠠᠶᠢᠷᠠᠯᠠᠭᠳᠠᠵᠠᠢ᠃ ᠮᠣᠩᠭᠤᠯ ᠤᠨ ᠡᠯ᠎ᠡ | ᠠᠶᠢᠮᠠᠭ ᠢ ᠨᠢᠭᠡᠳᠭᠡᠬᠦ ᠲᠠᠶᠢᠨ ᠳᠤ ᠦᠯᠡᠮᠵᠢ ᠭᠠᠪᠢᠶ᠎ᠠ ᠪᠠᠶᠢᠭᠤᠯᠵᠣ᠂ ᠰᠦᠪᠡᠭᠡᠳᠡᠢ᠂ ᠵᠡᠯᠮ᠎ᠡ᠂ ᠬᠤᠪᠢᠯᠠᠢ ᠭᠤᠷᠪᠠ | ᠲᠠᠢ ᠬᠠᠮᠳᠣ ᠴᠢᠩᠭᠢᠰ ᠤᠨ ︽ᠲᠦᠷᠪᠡᠨ ᠨᠣᠬᠠᠢ︾ ᠪᠠᠷ ᠡᠷᠭᠦᠮᠵᠢᠯᠡᠭᠳᠡᠪᠡ᠃ 1223 ᠣᠨ ᠳᠤ᠂ ᠺᠠᠯᠺᠠ ᠭᠤᠣᠯ | ᠤᠨ ᠲᠠᠶᠢᠯᠠᠯᠳᠣᠭᠠᠨ ᠳᠤ ᠣᠷᠣᠰ ᠪᠠ ᠬᠢᠪᠴᠠᠭ ᠤᠨ ᠬᠤᠯᠪᠣᠭᠠᠳᠣ ᠴᠡᠷᠢᠭ ᠢ ᠪᠣᠳᠠ ᠨᠢᠷᠭᠡᠵᠦ ᠨᠣᠳᠤᠭ ᠲᠠᠭᠠᠨ | ᠪᠣᠴᠠᠬᠤ ᠵᠠᠮ ᠳᠠᠭᠠᠨ ᠡᠪᠡᠳᠴᠢᠨ ᠢᠶᠠᠷ ᠨᠠᠰᠣ ᠪᠠᠷᠠᠪᠠ᠃ | ᠰᠦᠪᠡᠭᠡᠳᠡᠢ ︵1176 —1248 ᠣᠨ︶᠂ ᠮᠣᠩᠭᠤᠯ ᠤᠨ ᠣᠷᠢᠶᠠᠩᠬᠠᠢ ᠠᠶᠢᠮᠠᠭ ᠤᠨ ᠬᠦᠮᠦᠨ᠃ | ᠮᠣᠩᠭᠤᠯ ᠬᠠᠭᠠᠨᠳᠣ ᠲᠦᠷᠦ ᠶᠢᠨ ᠨᠡᠷᠡᠳᠦ ᠵᠠᠩᠵᠣᠨ᠂ ᠴᠢᠩᠭᠢᠰ ᠬᠠᠭᠠᠨ ᠤ ᠲᠦᠷᠪᠡᠨ ᠭᠠᠪᠰᠢᠭᠠᠢ ᠵᠠᠩᠵᠣᠨ ᠤ | ᠨᠢᠭᠡ᠃ ᠴᠢᠩᠭᠢᠰ ᠬᠠᠭᠠᠨ ᠤ ᠮᠣᠩᠭᠤᠯ ᠤᠨ ᠡᠯ᠎ᠡ ᠠᠶᠢᠮᠠᠭ ᠢ ᠨᠢᠭᠡᠳᠭᠡᠬᠦ ᠲᠠᠶᠢᠨ ᠳᠤ ᠦᠷᠭᠦᠯᠵᠢ ᠭᠠᠪᠰᠢᠭᠠᠢ | ᠵᠠᠩᠵᠣᠨ ᠢᠶᠠᠷ ᠲᠣᠮᠢᠯᠠᠭᠳᠠᠨ᠂ ᠲᠠᠶᠢᠨ ᠪᠠᠶᠢᠯᠳᠣᠭᠠᠨ ᠳᠤ ᠭᠠᠷᠮᠠᠭᠠᠢ ᠪᠠᠭᠠᠳᠣᠷ ᠢᠶᠠᠷ ᠢᠶᠠᠨ ︽ᠪᠠᠭᠠᠳᠣᠷ ᠴᠣᠯᠠ︾ | ᠬᠦᠷᠳᠡᠭᠰᠡᠨ ᠪᠠᠶᠢᠨ᠎ᠠ᠃ ᠮᠣᠩᠭᠤᠯ ᠬᠠᠭᠠᠨᠳᠣ ᠲᠦᠷᠦ ᠪᠠᠶᠢᠭᠤᠯᠣᠭᠳᠠᠬᠤ ᠦᠶᠡᠰ᠂ ᠮᠢᠩᠭᠠᠨ ᠤ ᠨᠣᠶᠠᠨ ᠪᠣᠯᠵᠣ᠂ | ᠴᠢᠩᠭᠢᠰ ᠤᠨ ᠠᠷᠪᠠᠨ ᠶᠡᠭᠡ ᠭᠠᠪᠢᠶᠠᠳᠣ ᠰᠠᠶᠢᠳ ᠤᠨ ᠨᠢᠭᠡ ᠨᠢ ᠪᠣᠯᠵᠠᠢ᠃ ᠡᠬᠢᠨ ᠤ ᠬᠤᠶᠠᠷ ᠣᠳᠠᠭᠠᠨ ᠤ | ᠪᠠᠷᠠᠭᠤᠨᠰᠢ ᠲᠠᠶᠢᠯᠠᠬᠤ ᠲᠠᠶᠢᠨ ᠳᠤ ᠣᠷᠣᠯᠴᠠᠭᠠᠳ ᠲᠣᠬᠠᠢ ᠶᠢᠨ ᠦᠶ᠎ᠡ ᠳᠤ ᠮᠣᠩᠭᠤᠯ ᠬᠠᠭᠠᠨᠳᠣ ᠲᠦᠷᠦ ᠶᠢᠨ | ᠨᠣᠳᠤᠭ ᠲᠡᠪᠢᠰᠭᠡᠷ ᠢ ᠣᠷᠣᠰ ᠤᠨ ᠬᠢᠵᠠᠭᠠᠷ ᠬᠦᠷᠳᠡᠯ᠎ᠡ ᠦᠷᠭᠡᠳᠭᠡᠭᠰᠡᠨ ᠪᠠᠶᠢᠨ᠎ᠠ᠃ ᠲᠡᠭᠦᠨ ᠤ ᠣᠷᠣᠯᠴᠠᠭᠰᠠᠨ | ᠲᠠᠶᠢᠨ ᠪᠠᠶᠢᠯᠳᠣᠭᠠᠨ ᠨᠢ ᠵᠡᠭᠦᠨᠰᠢ ᠰᠣᠯᠣᠩᠭᠤᠰ᠂ ᠪᠠᠷᠠᠭᠤᠨᠰᠢ ᠫᠣᠯᠠᠨᠳ᠋᠂ ᠬᠠᠩᠭᠠᠷᠢ ᠬᠦᠷᠴᠦ︔ ᠣᠮᠠᠷᠠᠰᠢ | ᠰᠢᠪᠧᠷᠢᠶ᠎ᠡ᠂ ᠡᠮᠦᠨᠡᠰᠢ ᠺᠠᠶᠢᠹᠧᠩ ᠬᠦᠷᠦᠭᠡᠳ ᠡᠷᠳᠡᠨ ᠤ ᠲᠡᠯᠡᠬᠡᠢ ᠳ᠋ᠡᠬᠢᠨ ᠤ ᠲᠠᠶᠢᠨ ᠪᠠᠶᠢᠯᠳᠣᠭᠠᠨ ᠳᠤ | ᠣᠷᠣᠯᠴᠠᠭᠰᠠᠨ ᠬᠡᠪᠴᠢᠶ᠎ᠡ ᠪᠠᠷ ᠬᠠᠮᠤᠭ ᠦᠷᠭᠡᠨ ᠵᠠᠩᠵᠣᠨ ᠤ ᠨᠢᠭᠡ ᠪᠣᠯᠵᠠᠢ᠃ | |