ᠬᠠᠭᠠᠨᠳᠣ ᠠᠭᠤᠯᠠ ᠵᠢᠭᠤᠯᠴᠢᠯᠠᠯ ᠤᠨ ᠣᠷᠣᠨ
ᠨᠡᠶᠢᠲᠡᠯᠡᠭᠰᠡᠨ ᠴᠠᠭ᠄
2018-06-06
    ᠬᠠᠭᠠᠨᠳᠣ ᠠᠭᠤᠯᠠ ︵ᠬᠦᠨᠳᠡᠢ ᠶᠢᠨ ᠬᠠᠨ ᠠᠭᠤᠯᠠ︶ ᠦᠵᠡᠮᠵᠢ ᠶᠢᠨ ᠣᠷᠣᠨ ᠨᠢ ᠬᠤᠣᠯᠢᠩᠭᠤᠣᠯ ᠬᠤᠳᠠ  ᠶᠢᠨ ᠲᠣᠭᠤᠷᠢᠭ ᠠᠴᠠ 12 ᠺᠢᠯᠣᠮᠧᠲᠷ ᠵᠠᠶᠢᠳᠠᠢ ᠪᠠᠶᠢᠵᠣ᠂ ᠬᠤᠷᠴᠢᠨ ᠲᠠᠯ᠎ᠠ ᠨᠣᠳᠤᠭ ᠤᠨ ᠭᠤᠣᠯ ᠬᠡᠰᠡᠭ ᠲᠤ ᠪᠠᠶᠢᠷᠢᠯᠠᠨ᠂ ︽ᠠᠭᠤᠯᠡᠨ ᠡᠩᠭᠡᠷ ᠲᠠᠬᠢ ᠲᠠᠯᠠᠪᠠᠢ︾᠂ ︽ᠮᠠᠨᠳᠣᠯ ᠤᠨ ᠵᠠᠮ︾᠂ ︽ᠮᠣᠩᠭᠤᠯ ᠶᠣᠸᠠᠨ ᠤ ᠲᠠᠶᠢᠴᠢᠨ ᠦᠷᠯᠣᠭ᠌︾ ᠪᠣᠯᠣᠨ ︽ᠮᠣᠩᠭᠤᠯ ᠬᠠᠭᠠᠨᠳᠣ ᠲᠦᠷᠦ ᠶᠢᠨ ᠡᠵᠡᠳ ᠤᠨ ᠱᠣᠭᠤᠮᠠᠯ︾ ᠵᠡᠷᠭᠡ ᠲᠦᠷᠪᠡᠨ ᠬᠡᠰᠡᠭ ᠢᠶᠠᠷ ᠪᠦᠷᠢᠯᠳᠣᠵᠠᠢ᠃      ︽ᠠᠭᠤᠯᠡᠨ ᠡᠩᠭᠡᠷ ᠲᠠᠬᠢ ᠲᠠᠯᠠᠪᠠᠢ︾ ᠨᠢ 6500 ᠲᠡᠭᠰᠢ ᠲᠦᠷᠪᠡᠯᠵᠢᠨ ᠮᠧᠲᠷ ᠪᠠᠶᠢᠵᠣ᠂ ᠬᠤᠶᠠᠷ ᠲᠠᠯ᠎ᠠ  ᠳᠤᠨᠢ ᠴᠢᠩᠭᠢᠰ ᠬᠠᠭᠠᠨ ᠤ ᠬᠤᠶᠠᠷ ᠶᠡᠭᠡ ᠵᠠᠩᠵᠣᠨ ᠰᠦᠪᠡᠭᠡᠲᠡᠢ ᠪᠣᠯᠣᠨ ᠵᠡᠪᠡ ᠶᠢᠨ ᠱᠣᠭᠤᠮᠠᠯ ᠰᠦᠨᠳᠡᠷᠯᠡᠵᠡᠢ︔ ︽ᠮᠠᠨᠳᠣᠯ ᠤᠨ ᠵᠠᠮ︾ ᠤᠨ ᠣᠷᠳᠣ ᠨᠢ 800 ᠮᠧᠲᠷ ᠪᠠᠶᠢᠵᠣ᠂ ᠦᠨᠳᠣᠷ ᠪᠣᠭᠤᠨᠢ ᠨᠢ 2 - 4 ᠮᠧᠲᠷ ᠤᠨ ᠠᠳᠠᠯᠢ ᠪᠣᠰᠣ 26 ᠪᠣᠰᠤᠭ᠎ᠠ ᠴᠢᠯᠠᠭᠤᠨ ᠱᠣᠭᠤᠮᠠᠯ ᠲᠠᠢ᠂ ᠲᠡᠳᠡ ᠪᠣᠯ ᠴᠢᠩᠭᠢᠰ ᠬᠠᠭᠠᠨ ᠠᠴᠠ ᠡᠮᠣᠨᠡᠬᠢ ᠮᠣᠩᠭᠤᠯ ᠤᠨ 25 ᠲᠡᠭᠡᠳᠣᠰ ᠶᠣᠮ︔ ︽ᠮᠣᠩᠭᠤᠯ ᠶᠣᠸᠠᠨ ᠤ ᠲᠠᠶᠢᠴᠢᠨ ᠦᠷᠯᠣᠭ᠌︾ ᠨᠢ ︽ᠮᠣᠩᠭᠤᠯ ᠤᠨ ᠪᠠᠭᠠᠳᠣᠷᠴᠣᠳ︾ ᠪᠣᠯᠣᠨ ︽ᠶᠣᠸᠠᠨ ᠣᠯᠣᠰ ᠤᠨ ᠴᠡᠷᠢᠭ ᠪᠠᠶᠢᠯᠳᠣᠭᠴᠢᠳ︾ ᠬᠡᠮᠡᠬᠦ ᠬᠤᠶᠠᠷ ᠵᠢᠭᠰᠠᠭᠠᠯ ᠢᠶᠠᠷ ᠪᠦᠷᠢᠯᠳᠣᠵᠣ᠂ ᠱᠣᠭᠤᠮᠠᠯ ᠤᠳ ᠤᠨ ᠦᠨᠳᠣᠷ ᠨᠢ ᠪᠦᠷ 3 ᠮᠧᠲᠷ ᠪᠠᠶᠢᠵᠣ᠂ ᠨᠡᠶᠢᠳᠡ 800 ᠰᠠᠭᠤᠷᠢ ᠪᠣᠢ︔      ︽ᠮᠣᠩᠭᠤᠯ ᠬᠠᠭᠠᠨᠳᠣ ᠲᠦᠷᠦ ᠶᠢᠨ ᠡᠵᠡᠳ ᠤᠨ ᠱᠣᠭᠤᠮᠠᠯ︾ ᠨᠢ ᠶᠣᠸᠠᠨ ᠲᠠᠶᠢᠽᠣ ᠴᠢᠩᠬᠢᠰ᠂ ᠶᠣᠸᠠᠨ ᠱᠢᠽᠣ ᠬᠤᠪᠢᠯᠠᠢ ᠪᠣᠯᠣᠨ ᠶᠣᠸᠠᠨ ᠤ ᠲᠦᠷᠣ ᠶᠢᠨ 16 ᠬᠠᠭᠠᠳ ᠢᠶᠠᠷ ᠪᠦᠷᠢᠯᠳᠣᠵᠠᠢ᠃ ᠡᠬᠦᠨ ᠳᠤ᠂ ᠴᠢᠩᠭᠢᠰ ᠤᠨ ᠱᠣᠭᠤᠮᠠᠯ ᠤᠨ ᠦᠨᠳᠣᠷ ᠨᠢ 50 ᠮᠧᠲᠷ᠂ ᠳ᠋ᠢᠶᠠᠮᠧᠲᠷ ᠨᠢ 100 ᠮᠧᠲᠷ ᠪᠠᠶᠢᠵᠣ᠂ ᠮᠠᠨ ᠤ ᠣᠯᠣᠰ ᠲᠤ ᠬᠠᠭᠠᠰ ᠪᠡᠶ᠎ᠡ ᠶᠢᠨ ᠱᠣᠭᠤᠮᠠᠯ ᠬᠠᠮᠤᠭ ᠤᠨ ᠦᠨᠳᠦᠷ᠂ ᠬᠠᠮᠤᠭ ᠠᠴᠠ ᠨᠢᠭᠳᠠᠷᠠᠭᠰᠠᠨ ᠦᠨᠳᠦᠰᠦᠳᠡᠨ ᠤ ᠣᠨᠴᠠᠯᠢᠭ ᠲᠠᠢ ᠵᠣᠭᠠᠴᠠᠯ ᠤᠨ ᠦᠵᠡᠮᠵᠢᠳᠦ ᠣᠷᠣᠨ ᠪᠣᠯᠬᠤ ᠶᠤᠮ᠃
 
ᠢᠷᠡᠯᠲᠡ᠄ ᠬᠤᠤᠯᠢᠩᠭᠣᠣᠯ ᠬᠤᠳᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号