ᠮᠠᠨᠳᠣᠯ ᠤᠨ ᠵᠠᠮ ᠤᠨ ᠪᠦᠬᠦ ᠣᠷᠳᠣ ᠨᠢ 800 ᠮᠧᠲᠷ᠂ ᠦᠨᠳᠦᠷ ᠨᠢ 2 — 4 ᠮᠧᠲᠷ ᠠᠳᠠᠯᠢ ᠪᠣᠰᠣ | ᠶᠢᠨ 26 ᠬᠦᠮᠦᠨ ᠴᠢᠯᠠᠭᠤᠨ ᠱᠣᠭᠤᠮᠠᠯ ᠲᠠᠢ ᠪᠠᠶᠢᠵᠣ᠂ ᠴᠢᠩᠭᠢᠰ ᠬᠠᠭᠠᠨ ᠵᠢᠴᠢ ᠲᠡᠭᠦᠨ ᠠᠴᠠ ᠲᠡᠭᠡᠭᠰᠢᠬᠢ 22 | ᠦᠶ᠎ᠡ ᠶᠢᠨ ᠡᠪᠦᠭᠡ ᠲᠡᠭᠡᠳᠦᠰ ᠤᠨ ᠬᠢᠨ ᠤ ᠭᠤᠣᠯ ᠪᠣᠯᠬᠤ 25 ᠬᠦᠮᠦᠨ ᠢ ᠣᠷᠠᠯᠠᠨ ᠱᠣᠭᠤᠵᠣ ᠪᠦᠳᠦᠭᠡᠵᠡᠢ᠃ | | 1. ᠪᠦᠷᠳᠡ ᠴᠢᠨ᠋ᠸ᠎ᠠ ᠪᠣᠯ ᠴᠢᠩᠭᠢᠰ ᠬᠠᠭᠠᠨ ᠤ ᠠᠯᠳᠠᠨ ᠣᠷᠣᠭᠳᠠᠨ ᠤ ᠢᠵᠠᠭᠤᠷ ᠲᠡᠭᠡᠳᠦ ᠪᠣᠯᠣᠨ᠎ᠠ᠃ ᠲᠡᠭᠡᠳᠦ | ᠲᠩᠷᠢ ᠠᠴᠠ ᠵᠠᠶᠠᠭᠠᠵᠣ ᠲᠦᠷᠦᠭᠰᠡᠨ ᠪᠦᠯᠦᠭᠡ᠃ | 2. ᠬᠤᠸᠠ ᠮᠠᠷᠠᠯ ᠪᠣᠯ ᠪᠦᠷᠳᠡ ᠴᠢᠨ᠋ᠸ᠎ᠠ ᠶᠢᠨ ᠭᠡᠷᠭᠡᠢ ᠪᠣᠯᠣᠨ᠎ᠠ᠃ ᠬᠦᠪᠡᠭᠦᠨ ᠢᠨᠦ ᠪᠠᠳᠠᠴᠢ ᠬᠠᠨ ᠪᠦᠯᠦᠭᠡ᠃ | 3. ᠪᠠᠳᠠᠴᠢ ᠬᠠᠨ᠂ ᠣᠨ ᠲᠣᠭᠠᠯᠠᠯ ᠤᠨ 774 ᠣᠨ ᠳᠤ ᠮᠡᠨᠳᠦᠯᠡᠵᠦ᠂ ᠴᠢᠩᠭᠢᠰ ᠬᠠᠭᠠᠨ ᠤ ᠠᠯᠳᠠᠨ | ᠣᠷᠣᠭᠳᠠᠨ ᠤ ᠬᠤᠶᠠᠳᠣᠭᠠᠷ ᠢᠵᠠᠭᠤᠷ ᠲᠡᠭᠡᠳᠦ ᠪᠣᠯᠠᠢ᠃ | 4. ᠲᠡᠮᠡᠴᠡ ᠪᠣᠯ ᠴᠢᠩᠭᠢᠰ ᠬᠠᠭᠠᠨ ᠤ ᠠᠯᠳᠠᠨ ᠣᠷᠣᠭᠳᠠᠨ ᠤ ᠭᠤᠷᠪᠠᠳᠣᠭᠠᠷ ᠢᠵᠠᠭᠤᠷ ᠲᠡᠭᠡᠳᠦ ᠪᠣᠯᠬᠤ ᠪᠠᠳᠠᠴᠢ | ᠬᠠᠨ ᠤ ᠬᠦᠪᠡᠭᠦᠨ ᠪᠣᠯᠣᠨ᠎ᠠ᠃ | 5. ᠬᠤᠷᠢᠴᠠᠷ ᠮᠡᠷᠭᠡᠨ ᠪᠣᠯ ᠴᠢᠩᠭᠢᠰ ᠬᠠᠭᠠᠨ ᠤ ᠠᠯᠳᠠᠨ ᠣᠷᠣᠭᠳᠠᠨ ᠤ ᠲᠦᠷᠪᠡᠳᠦᠭᠡᠷ ᠢᠵᠠᠭᠤᠷ ᠲᠡᠭᠡᠳᠦ | ᠪᠦᠭᠡᠳ ᠲᠡᠮᠡᠴᠡ ᠶᠢᠨ ᠠᠬᠠᠮᠠᠳ ᠬᠦᠪᠡᠭᠦᠨ ᠪᠣᠯᠣᠨ᠎ᠠ᠃ | 6. ᠠᠭᠤᠵᠢᠮ ᠪᠣᠷᠣᠬᠤᠯ ᠪᠣᠯ ᠴᠢᠩᠭᠢᠰ ᠬᠠᠭᠠᠨ ᠤ ᠠᠯᠳᠠᠨ ᠣᠷᠣᠭᠳᠠᠨ ᠤ ᠲᠠᠪᠣᠳᠣᠭᠠᠷ ᠢᠵᠠᠭᠤᠷ ᠲᠡᠭᠡᠳᠦ | ᠪᠣᠯᠬᠤ ᠪᠦᠭᠡᠳ ᠬᠤᠷᠢᠴᠠᠷ ᠮᠡᠷᠭᠡᠨ ᠤ ᠬᠦᠪᠡᠭᠦᠨ ᠪᠣᠯᠣᠨ᠎ᠠ᠃ | 7. ᠰᠠᠯᠢ ᠬᠠᠴᠠᠭᠤ ᠪᠣᠯ ᠴᠢᠩᠭᠢᠰ ᠬᠠᠭᠠᠨ ᠤ ᠠᠯᠳᠠᠨ ᠣᠷᠣᠭᠳᠠᠨ ᠤ ᠵᠢᠷᠭᠤᠳᠣᠭᠠᠷ ᠢᠵᠠᠭᠤᠷ ᠲᠡᠭᠡᠳᠦ ᠪᠦᠭᠡᠳ | ᠮᠦᠨ ᠠᠭᠤᠵᠢᠮ ᠪᠣᠷᠣᠬᠤᠯ ᠤᠨ ᠬᠦᠪᠡᠭᠦᠨ ᠪᠣᠯᠠᠢ᠃ | 8. ᠶᠡᠭᠡ ᠨᠢᠳᠦᠨ ᠪᠣᠯ ᠴᠢᠩᠭᠢᠰ ᠬᠠᠭᠠᠨ ᠤ ᠠᠯᠳᠠᠨ ᠣᠷᠣᠭᠳᠠᠨ ᠤ ᠲᠣᠯᠣᠳᠣᠭᠠᠷ ᠢᠵᠠᠭᠤᠷ ᠲᠡᠭᠡᠳᠦ ᠪᠦᠭᠡᠳ | ᠰᠠᠯᠢ ᠬᠠᠴᠠᠭᠤ ᠶᠢᠨ ᠬᠦᠪᠡᠭᠦᠨ ᠪᠣᠯᠣᠨ᠎ᠠ᠃ ᠨᠡᠷ᠎ᠡ ᠶᠢᠨ ᠣᠳᠬ᠎ᠠ ᠠᠨᠣ ᠲᠣᠮᠣ ᠨᠢᠳᠣᠳᠡᠢ ᠬᠡᠮᠡᠬᠦ ᠪᠣᠯᠠᠢ᠃ ᠭᠡᠪᠡᠴᠦ | ᠡᠨᠡ ᠨᠢ ᠨᠡᠷ᠎ᠡ ᠪᠢᠰᠢ᠂ ᠴᠣᠯᠠ ᠪᠣᠯᠬᠤ ᠪᠣᠢ ᠶᠡ᠃ | 9. ᠰᠠᠮ ᠰᠣᠴᠢ ᠪᠣᠯ ᠴᠢᠩᠭᠢᠰ ᠬᠠᠭᠠᠨ ᠤ ᠠᠯᠳᠠᠨ ᠣᠷᠣᠭᠳᠠᠨ ᠤ ᠨᠠᠢᠮᠠᠳᠣᠭᠠᠷ ᠢᠵᠠᠭᠤᠷ ᠲᠡᠭᠡᠳᠦ ᠪᠣᠯᠬᠤ | ᠪᠦᠭᠡᠳ ᠶᠡᠭᠡ ᠨᠢᠳᠦᠨ ᠤ ᠬᠦᠪᠡᠭᠦᠨ ᠪᠣᠯᠣᠨ᠎ᠠ᠃ | 10. ᠬᠠᠷᠴᠣ ᠪᠤᠯ ᠰᠠᠮᠰᠣᠴᠢ ᠶᠢᠨ ᠬᠦᠪᠡᠭᠦᠨ ᠪᠦᠭᠡᠳ ᠴᠢᠩᠭᠢᠰ ᠬᠠᠭᠠᠨ ᠤ ᠠᠯᠳᠠᠨ ᠣᠷᠣᠭᠳᠠᠨ ᠤ ᠶᠢᠰᠦᠳᠦᠭᠡᠷ | ᠢᠵᠠᠭᠤᠷ ᠲᠡᠭᠡᠳᠦ ᠪᠣᠯᠣᠨ᠎ᠠ᠃ | 11. ᠪᠣᠷᠵᠢᠭᠢᠳᠠᠢ ᠮᠡᠷᠭᠡᠨ ᠪᠣᠯ ᠴᠢᠩᠭᠢᠰ ᠬᠠᠭᠠᠨ ᠤ ᠠᠯᠳᠠᠨ ᠣᠷᠣᠭᠳᠠᠨ ᠤ ᠠᠷᠪᠠᠳᠣᠭᠠᠷ ᠢᠵᠠᠭᠤᠷ ᠲᠡᠭᠡᠳᠦ | ᠪᠣᠯᠬᠤ ᠪᠦᠭᠡᠳ ᠬᠠᠷᠴᠣ ᠶᠢᠨ ᠬᠦᠪᠡᠭᠦᠨ ᠮᠦᠨ᠃ ᠮᠡᠷᠭᠡᠨ ᠬᠠᠷᠪᠣᠭᠠᠴᠢᠨ ᠪᠦᠯᠦᠭᠡ᠃ | 12. ᠲᠣᠷᠣᠭᠤᠯᠵᠢᠨ ᠪᠠᠶᠠᠨ ᠪᠣᠯ ᠴᠢᠩᠭᠢᠰ ᠬᠠᠭᠠᠨ ᠤ ᠠᠯᠳᠠᠨ ᠣᠷᠣᠭᠳᠠᠨ ᠤ ᠠᠷᠪᠠᠨ ᠨᠢᠭᠡᠳᠦᠭᠡᠷ ᠲᠡᠭᠡᠳᠦ | ᠪᠣᠯᠬᠤ ᠪᠦᠭᠡᠳ ᠪᠣᠷᠵᠢᠭᠢᠳᠡᠢ ᠮᠡᠷᠭᠡᠨ ᠤ ᠬᠦᠪᠡᠭᠦᠨ ᠪᠣᠯᠣᠨ᠎ᠠ᠃ | 13. ᠲᠣᠪᠣᠨ ᠮᠡᠷᠭᠡᠨ ᠪᠣᠯ ᠲᠣᠸᠠ ᠰᠣᠬᠤᠷ ᠤᠨ ᠲᠡᠭᠦᠦ ᠪᠣᠯᠬᠤ ᠪᠦᠭᠡᠳ ᠴᠢᠩᠭᠢᠰ ᠬᠠᠭᠠᠨ ᠤ ᠠᠯᠳᠠᠨ | ᠣᠷᠣᠭᠳᠠᠨ ᠤ ᠠᠷᠪᠠᠨ ᠬᠤᠶᠠᠳᠣᠭᠠᠷ ᠢᠵᠠᠭᠤᠷ ᠲᠡᠭᠡᠳᠦ ᠪᠣᠯᠣᠨ᠎ᠠ᠃ ᠲᠡᠭᠦᠨ ᠤ ᠭᠡᠷᠭᠡᠢ ᠢᠨᠦ ᠠᠯᠣᠨ ᠭᠤᠸ᠎ᠠ ᠪᠣᠯᠠᠢ | ᠃ | 14. ᠠᠯᠣᠨ ᠭᠤᠸ᠎ᠠ ᠣᠷᠢ ᠵᠠᠯᠠᠭᠤ ᠨᠠᠰᠣᠨ ᠳᠠᠭᠠᠨ ᠦᠩᠭᠡ ᠵᠢᠰᠦ ᠦᠵᠡᠰᠭᠦᠯᠡᠩ ᠭᠤᠸ᠎ᠠ ᠪᠠᠶᠢᠵᠣ ᠦᠳᠡᠯᠦᠭᠡ | ᠨᠠᠰᠣᠨ ᠳᠠᠭᠠᠨ ᠠᠯᠣᠨ ᠡᠬᠡ ᠬᠡᠮᠡᠭᠳᠡᠵᠦ᠂ ᠬᠤᠵᠢᠮ ᠤᠨ ᠦᠶ᠎ᠡ ᠳᠤ ᠮᠣᠩᠭᠤᠯ ᠦᠨᠳᠦᠰᠦᠳᠡᠨ ᠤ ᠳ᠋ᠠᠷ᠎ᠠ ᠡᠬᠡ ᠪᠠᠷ | ᠡᠷᠭᠦᠮᠵᠢᠯᠡᠭᠳᠡᠭᠰᠡᠨ ᠪᠠᠶᠢᠨ᠎ᠠ᠃ | 15. ᠪᠣᠳᠠᠨᠴᠠᠷ ᠮᠣᠩᠬᠠᠭ ᠪᠣᠯ ᠠᠯᠣᠨ ᠭᠤᠸ᠎ᠠ ᠡᠬᠡ ᠶᠢᠨ ︽ᠭᠡᠷᠡᠯ ᠢᠶᠠᠷ ᠵᠠᠶᠠᠭᠠᠭᠰᠠᠨ︾ ᠬᠡᠦᠬᠡᠳ ᠤᠨ ᠬᠢᠨᠢ | ᠭᠤᠳᠠᠭᠠᠷ ᠬᠦᠪᠡᠭᠦᠨ ᠨᠢ ᠪᠣᠯᠬᠤ ᠪᠦᠭᠡᠳ ᠬᠢᠶᠠᠨ— ᠪᠣᠷᠵᠢᠭᠢᠨ ᠣᠪᠣᠭᠳᠠᠨ ᠤ ᠢᠵᠠᠭᠤᠷ ᠲᠡᠭᠡᠳᠦ ᠪᠣᠯᠣᠨ᠎ᠠ᠃ | 16. ᠬᠠᠪᠢᠴᠢ ᠪᠠᠭᠠᠳᠣᠷ ᠪᠣᠯ ᠪᠣᠳᠠᠨᠴᠠᠷ ᠤᠨ ᠬᠦᠪᠡᠭᠦᠨ ᠪᠣᠯᠣᠨ᠎ᠠ᠃ ᠴᠢᠩᠭᠢᠰ ᠬᠠᠭᠠᠨ ᠤ ᠠᠷᠪᠠᠨ ᠲᠦᠷᠪᠡᠳᠦᠭᠡᠷ | ᠦᠶ᠎ᠡ ᠶᠢᠨ ᠡᠪᠦᠭᠡ ᠲᠡᠭᠡᠳᠦ ᠪᠣᠯᠣᠨ᠎ᠠ᠃ | 17. ᠮᠠᠨᠠᠨ ᠲᠣᠳᠣᠨ ᠪᠣᠯ ᠬᠠᠪᠢᠴᠢ ᠪᠠᠭᠠᠳᠣᠷ ᠤᠨ ᠬᠦᠪᠡᠭᠦᠨ ᠪᠦᠭᠡᠳ ᠬᠠᠭᠠᠨ ᠤ ᠠᠯᠳᠠᠨ ᠣᠷᠣᠭᠳᠠᠨ ᠤ ᠠᠷᠪᠠᠨ | ᠲᠠᠪᠣᠳᠣᠭᠠᠷ ᠦᠶ᠎ᠡ ᠶᠢᠨ ᠢᠵᠠᠭᠤᠷ ᠲᠡᠭᠡᠳᠦ ᠪᠦᠯᠦᠭᠡ᠃ | 18. ᠬᠠᠴᠢ ᠬᠦᠯᠦᠭ ᠪᠣᠯ ᠮᠠᠨᠠᠨ ᠲᠣᠳᠣᠨ ᠤ ᠬᠦᠪᠡᠭᠦᠨ᠂ ᠬᠠᠭᠠᠨ ᠤ ᠠᠯᠳᠠᠨ ᠣᠷᠣᠭᠳᠠᠨ ᠤ ᠠᠷᠪᠠᠨ | ᠵᠢᠷᠭᠤᠳᠣᠭᠠᠷ ᠢᠵᠠᠭᠤᠷ ᠲᠡᠭᠡᠳᠦ ᠪᠣᠯᠬᠤ ᠪᠦᠭᠡᠳ ᠴᠢᠩᠭᠢᠰ ᠬᠠᠭᠠᠨ ᠤ ᠡᠪᠦᠭᠡ ᠲᠡᠭᠡᠳᠦᠰ ᠤᠨ ᠲᠣᠳᠣᠷᠠᠬᠢ ᠣᠨᠳᠣᠣ | ᠨᠢᠭᠡ ᠴᠢᠬᠤᠯᠠ ᠬᠦᠮᠦᠨ ᠪᠣᠯᠬᠤ ᠬᠠᠶᠢᠳᠣ ᠬᠠᠨ ᠤ ᠡᠴᠢᠭᠡ ᠪᠣᠯᠠᠢ᠃ | 19. ᠬᠠᠶᠢᠳᠣ ᠬᠠᠨ ᠪᠣᠯ ᠴᠢᠩᠭᠢᠰ ᠬᠠᠭᠠᠨ ᠤ ᠠᠯᠳᠠᠨ ᠣᠷᠣᠭᠳᠠᠨ ᠤ ᠲᠣᠳᠣᠷᠠᠬᠢ ᠴᠠᠭ ᠦᠶ᠎ᠡ ᠶᠢ | ᠵᠠᠯᠭᠠᠮᠵᠢᠯᠠᠭᠰᠠᠨ ᠠᠯᠳᠠᠷᠳᠣ ᠬᠦᠮᠦᠨ ᠪᠣᠯᠬᠤ ᠪᠦᠭᠡᠳ ᠲᠡᠷᠡ ᠡᠷᠳᠡᠨ ᠤ ᠮᠣᠩᠭᠤᠯ ᠦᠨᠳᠦᠰᠦᠳᠡᠨ ᠢ ᠮᠣᠩᠭᠤᠯ ᠤᠨ | ᠦᠨᠳᠦᠷᠯᠢᠭ ᠲᠤ ᠦᠪᠡᠷ ᠤᠨ ᠨᠣᠳᠤᠭ ᠲᠡᠪᠢᠰᠭᠡᠷ ᠲᠠᠢ ᠪᠣᠯᠭᠠᠭᠰᠠᠨ ᠢᠶᠠᠷ ᠪᠠᠷᠠᠬᠤ ᠦᠭᠡᠢ ᠮᠣᠩᠭᠤᠯ ᠤᠨ ᠲᠡᠦᠬᠡᠨ | ᠳᠤ ᠬᠠᠮᠤᠭ ᠲᠦᠷᠦᠭᠦᠨ ᠤ ᠬᠠᠨ ᠡᠷᠭᠦᠮᠵᠢᠯᠡᠭᠳᠡᠭᠰᠡᠨ ᠬᠦᠮᠦᠨ ᠪᠣᠯᠠᠢ᠃ ᠬᠠᠭᠠᠨ ᠤ ᠠᠯᠳᠠᠨ ᠣᠷᠣᠭᠳᠠᠨ ᠤ ᠠᠷᠪᠠᠨ | ᠲᠣᠯᠣᠳᠣᠭᠠᠷ ᠢᠵᠠᠭᠤᠷ ᠲᠡᠭᠡᠳᠦ ᠪᠣᠯᠠᠢ᠃ | 20. ᠪᠠᠶᠢᠰᠢᠩᠬᠤᠷ ᠲᠣᠭᠰᠢᠨ ᠪᠣᠯ ᠬᠠᠶᠢᠳᠣ ᠬᠠᠨ ᠤ ᠠᠬᠠᠮᠠᠳ ᠬᠦᠪᠡᠭᠦᠨ ᠪᠦᠭᠡᠳ ᠲᠣᠮᠪᠢᠨᠠᠢ ᠰᠡᠴᠡᠨ ᠤ ᠡᠴᠢᠭᠡ | ᠪᠦᠯᠦᠭᠡ᠃ ᠮᠦᠨ ᠴᠦ ᠬᠠᠭᠠᠨ ᠤ ᠠᠯᠳᠠᠨ ᠣᠷᠣᠭᠳᠠᠨ ᠤ ᠠᠷᠪᠠᠨ ᠨᠠᠢᠮᠠᠳᠣᠭᠠᠷ ᠢᠵᠠᠭᠤᠷ ᠲᠡᠭᠡᠳᠦ ᠪᠣᠯᠣᠨ᠎ᠠ᠃ | 21. ᠲᠣᠮᠪᠢᠨᠠᠢ ᠰᠡᠴᠡᠨ ᠪᠣᠯ ᠪᠠᠶᠢᠰᠢᠩᠬᠤᠷ ᠲᠣᠭᠰᠢᠨ ᠤ ᠬᠦᠪᠡᠭᠦᠨ ᠪᠦᠭᠡᠳ ᠬᠠᠭᠠᠨ ᠤ ᠠᠯᠳᠠᠨ ᠣᠷᠣᠭᠳᠠᠨ ᠤ | ᠠᠷᠪᠠ ᠶᠢᠰᠦᠳᠦᠭᠡᠷ ᠢᠵᠠᠭᠤᠷ ᠲᠡᠭᠡᠳᠦ᠂ ᠬᠠᠪᠣᠯ ᠬᠠᠠ ᠤ ᠡᠴᠢᠭᠡ ᠪᠦᠯᠦᠭᠡ᠃ | 22. ᠬᠠᠪᠣᠯ ᠬᠠᠨ ᠪᠣᠯ ᠬᠠᠶᠢᠳᠣ ᠬᠠᠨ ᠤ ᠭᠤᠴᠢᠨᠴᠢᠷ ᠪᠦᠭᠡᠳ ᠪᠠᠷᠳᠠᠨ ᠪᠠᠭᠠᠳᠣᠷ ᠤᠨ ᠡᠴᠢᠭᠡ᠂ ᠬᠠᠭᠠᠨ ᠤ | ᠠᠯᠳᠠᠨ ᠣᠷᠣᠭᠳᠠᠨ ᠤ ᠬᠤᠷᠢᠳᠣᠭᠠᠷ ᠢᠵᠠᠭᠤᠷ ᠲᠡᠭᠡᠳᠦ ᠪᠦᠯᠦᠭᠡ᠃ | 23. ᠪᠠᠷᠳᠠᠨ ᠪᠠᠭᠠᠳᠣᠷ ᠪᠣᠯ ᠬᠠᠪᠣᠯ ᠬᠠᠨ ᠤ ᠬᠦᠪᠡᠭᠦᠨ ᠪᠣᠯᠬᠤ ᠪᠦᠭᠡᠳ ᠲᠡᠭᠦᠨ ᠤ ᠬᠦᠪᠡᠭᠦᠨ ᠢᠨᠦ ᠴᠢᠩᠭᠢᠰ | ᠬᠠᠭᠠᠨ ᠤ ᠡᠴᠢᠭᠡ ᠶᠢᠰᠦᠭᠡᠢ ᠪᠠᠭᠠᠳᠣᠷ ᠪᠣᠯᠣᠨ᠎ᠠ᠃ ᠬᠠᠭᠠᠨ ᠤ ᠠᠯᠳᠠᠨ ᠣᠷᠣᠭᠳᠠᠨ ᠤ ᠬᠤᠷᠢᠨ ᠨᠢᠭᠡᠳᠦᠭᠡᠷ | ᠢᠵᠠᠭᠤᠷ ᠲᠡᠭᠡᠳᠦ ᠪᠦᠯᠦᠭᠡ᠃ | 24. ᠶᠢᠰᠦᠭᠡᠢ ᠪᠠᠭᠠᠳᠣᠷ ᠪᠣᠯ ᠪᠠᠷᠳᠠᠨ ᠪᠠᠭᠠᠳᠣᠷ ᠤᠨ ᠭᠤᠷᠪᠠᠳᠣᠭᠠᠷ ᠬᠦᠪᠡᠭᠦᠨ ᠪᠦᠭᠡᠳ ᠭᠡᠷᠭᠡᠢ ᠢᠨᠦ ᠦᠭᠡᠯᠦᠨ | ᠠᠵᠣᠭᠤ᠃ ᠴᠢᠩᠭᠢᠰ ᠬᠠᠭᠠᠨ ᠤ ᠡᠴᠢᠭᠡ᠂ ᠬᠠᠭᠠᠨ ᠤ ᠠᠯᠳᠠᠨ ᠣᠷᠣᠭᠳᠠᠨ ᠤ ᠬᠤᠷᠢᠨ ᠬᠤᠶᠠᠳᠣᠭᠠᠷ ᠢᠵᠠᠭᠤᠷ | ᠲᠡᠭᠡᠳᠦ ᠪᠦᠯᠦᠭᠡ᠃ | 25. ᠦᠭᠡᠯᠦᠨ ᠡᠬᠡ ᠶᠢᠰᠦᠭᠡᠢ ᠪᠠᠭᠠᠳᠣᠷ ᠤᠨ ᠭᠡᠷᠭᠡᠢ ᠪᠦᠭᠡᠳ ᠴᠢᠩᠭᠢᠰ ᠬᠠᠭᠠᠨ ᠤ ᠲᠦᠷᠦᠭᠰᠡᠨ ᠡᠬᠡ ᠪᠦᠯᠦᠭᠡ᠃ | ᠬᠠᠭᠠᠨ ᠤ ᠠᠯᠳᠠᠨ ᠣᠷᠣᠭᠳᠠᠨ ᠤ ᠲᠦᠷᠪᠡᠨ ᠬᠦᠪᠡᠭᠦᠨ ᠨᠢᠭᠡ ᠬᠡᠦᠬᠡᠨ ᠢ ᠦᠰᠭᠡᠨ ᠬᠦᠮᠦᠵᠢᠭᠦᠯᠦᠭᠡᠳ ᠠᠯᠣᠨ | ᠭᠤᠸ᠎ᠠ ᠡᠬᠡ ᠲᠠᠢ ᠠᠳᠠᠯᠢ ᠪᠠᠷ ᠮᠣᠩᠭᠤᠯᠴᠣᠳ ᠤᠨ ᠬᠦᠨᠳᠦᠳᠭᠡᠯ ᠪᠢᠰᠢᠷᠠᠯ ᠢ ᠣᠯᠵᠣ ᠮᠣᠩᠭᠤᠯ ᠦᠨᠳᠦᠰᠦᠳᠡᠨ ᠤ | ᠳ᠋ᠠᠷ᠎ᠠ ᠡᠬᠡ ᠪᠠᠷ ᠡᠷᠭᠦᠮᠵᠢᠯᠡᠭᠳᠡᠭᠰᠡᠨ ᠪᠣᠯᠠᠢ᠃ | 26. ᠪᠣᠷᠵᠢᠬᠢᠨ ᠲᠡᠮᠦᠵᠢᠨ ᠪᠣᠯ ᠶᠢᠰᠦᠭᠡᠢ ᠪᠠᠭᠠᠳᠣᠷ ᠪᠠ ᠦᠭᠡᠯᠦᠨ ᠡᠬᠡ ᠶᠢᠨ ᠬᠦᠪᠡᠭᠦᠨ ᠪᠦᠭᠡᠳ ᠮᠣᠷᠢᠨ | ᠨᠢᠷᠣᠭᠤᠨ ᠲᠡᠭᠡᠷ᠎ᠡ ᠡᠷᠳᠡᠨ ᠤ ᠮᠣᠩᠭᠤᠯ ᠠᠶᠢᠮᠠᠭ ᠢ ᠨᠢᠭᠡᠳᠭᠡᠵᠦ ᠮᠣᠩᠭᠤᠯ ᠤᠨ ᠬᠠᠭᠠᠨᠳᠣ ᠲᠦᠷᠦ ᠶᠢ | ᠪᠠᠶᠢᠭᠤᠯᠣᠭᠠᠳ᠂ ᠲᠡᠯᠡᠬᠡᠢ ᠳ᠋ᠠᠬᠢᠨ ᠢ ᠲᠣᠩᠰᠣᠯᠭᠠᠭᠰᠠᠨ ᠨᠢᠭᠡᠨ ᠦᠶ᠎ᠡ ᠶᠢᠨ ᠲᠩᠷᠢᠯᠢᠭ ᠬᠦᠪᠡᠭᠦᠨ ᠴᠢᠩᠭᠢᠰ ᠬᠠᠭᠠᠨ | ᠢᠶᠠᠷ ᠡᠷᠭᠦᠮᠵᠢᠯᠡᠭᠳᠡᠭᠰᠡᠨ ᠪᠦᠯᠦᠭᠡ᠃ | | |