ᠬᠤᠣᠯᠢᠩᠭᠤᠣᠯ ᠬᠤᠳᠠ ᠪᠣᠯ ︽ᠲᠣᠮᠳᠠᠳᠣ ᠣᠯᠣᠰ ᠤᠨ ᠰᠢᠯᠢᠳᠡᠭ ᠵᠢᠭᠤᠯᠴᠢᠯᠠᠯ ᠤᠨ ᠬᠤᠳᠠ︾ ᠪᠠᠶᠢᠵᠣ᠂ | ᠬᠤᠷᠴᠢᠨ ᠤ 500 ᠺᠢᠯᠣᠮᠧᠲᠷ ᠵᠢᠭᠤᠯᠴᠢᠯᠠᠯ ᠤᠨ ᠦᠵᠡᠮᠵᠢ ᠶᠢᠨ ᠪᠦᠰᠡ ᠶᠢᠨ ᠬᠠᠮᠤᠭ ᠤᠨ ᠬᠤᠶᠢᠳᠣ ᠬᠡᠰᠡᠭ ᠲᠤ | ᠪᠠᠶᠢᠷᠢᠯᠡᠭᠠᠳ᠂ ᠬᠤᠶᠢᠳᠣᠨᠠᠭᠤᠷ᠂ ᠬᠤᠮᠰᠢᠮ ᠪᠣᠳᠢᠰᠠᠳ᠋ᠸ᠎ᠠ ᠶᠢᠨ ᠠᠭᠤᠯᠠ᠂ ᠭᠠᠯᠠᠭᠤᠳᠣ ᠨᠠᠭᠤᠷ ᠭᠡᠬᠦ ᠭᠤᠷᠪᠠᠨ | ᠲᠠᠯ᠎ᠠ ᠨᠣᠳᠤᠭ ᠤᠨ ᠲᠣᠮᠣ ᠵᠢᠭᠤᠯᠴᠢᠯᠠᠯ ᠤᠨ ᠣᠷᠣᠨ ᠪᠠ ᠴᠣᠩᠬᠤᠨ ᠣᠪᠣᠭ᠎ᠠ᠂ ᠮᠣᠩᠭᠤᠯ ᠤᠨ ᠶᠣᠸᠠᠨ ᠤ | ᠣᠨᠴᠠᠯᠢᠭᠳᠣ ᠬᠠᠭᠠᠨᠳᠣ ᠠᠭᠤᠯᠠ ᠵᠢᠭᠤᠯᠴᠢᠯᠠᠯ ᠤᠨ ᠦᠵᠡᠮᠵᠢᠳᠣ ᠣᠷᠣᠨ ᠲᠠᠢ ᠪᠠᠶᠢᠵᠣ᠂ ᠮᠦᠰᠦᠳᠦᠯ ᠤᠨ | ᠦᠯᠡᠳᠡᠭᠳᠡᠯ᠂ ᠬᠤᠪᠢᠯᠭᠠᠨ ᠮᠣᠳᠣ᠂ ᠬᠤᠪᠢᠯᠭᠠᠨ ᠷᠠᠰᠢᠶᠠᠨ᠂ ᠬᠤᠪᠢᠯᠭᠠᠨ ᠠᠭᠤᠢ ᠵᠡᠷᠭᠡ ᠠᠴᠠ ᠨᠢ ᠬᠡᠰᠡᠭ ᠭᠠᠵᠠᠷ | ᠣᠷᠣᠨ ᠤ ᠡᠴᠢᠨ᠎ᠡ ᠲᠠᠯᠳᠠ ᠬᠠᠴᠢᠨ ᠭᠠᠶᠢᠬᠠᠮᠰᠢᠭ ᠦᠩᠭᠡ ᠪᠣᠳᠤᠭ ᠢ ᠨᠡᠮᠡᠷᠢᠯᠡᠵᠡᠢ᠃ ᠪᠠᠯᠠᠷᠯᠢᠭ ᠲᠠᠯ᠎ᠠ ᠨᠣᠳᠤᠭ | ᠤᠨ ᠵᠣᠭᠠᠴᠠᠯ᠂ ᠣᠳᠣ ᠦᠶ᠎ᠡ ᠶᠢᠨ ᠠᠵᠣ ᠦᠢᠯᠡᠰ ᠤᠨ ᠵᠣᠭᠠᠴᠠᠯ᠂ ᠮᠦᠰᠦ ᠴᠠᠰᠣᠨ ᠳᠠᠬᠢ ᠵᠣᠭᠠᠴᠠᠯ ᠵᠡᠷᠭᠡ ᠨᠢ | ᠨᠢᠭᠡᠨᠳᠡᠨᠡᠷᠡᠳᠦ ᠭᠤᠷᠪᠠᠨ ᠶᠡᠭᠡ ᠵᠢᠭᠤᠯᠴᠢᠯᠠᠯ ᠤᠨ ᠲᠡᠮᠳᠡᠭ ᠪᠣᠯᠵᠣ᠂ ᠪᠠᠶᠢᠭᠠᠯᠢ ᠶᠢᠨ ᠦᠵᠡᠮᠵᠢ ᠪᠠ ᠬᠦᠮᠦᠨ | ᠰᠣᠶᠣᠯ ᠤᠨ ᠦᠵᠡᠮᠵᠢ ᠶᠢᠨ ᠬᠠᠷᠢᠯᠴᠠᠨ ᠠᠭᠤᠰᠣᠯᠴᠠᠨ ᠰᠣᠯᠪᠢᠴᠠᠭᠰᠠᠨ ᠵᠢᠭᠤᠯᠴᠢᠯᠠᠯ ᠤᠨ ᠱᠣᠭᠤᠮ ᠪᠣᠯᠣᠭᠰᠠᠨ | ᠪᠠᠶᠢᠨ᠎ᠠ᠃ | | | ᠬᠤᠣᠯᠢᠩᠭᠤᠣᠯ ᠤᠨ ᠦᠪᠡᠷᠮᠢᠴᠡ ᠣᠨᠴᠠᠯᠢᠭᠳᠣ ᠠᠭᠤᠷ ᠠᠮᠢᠰᠬᠤᠯ ᠤᠨ ᠨᠦᠭᠦᠴᠡᠯ ᠨᠢ ᠣᠰᠣ ᠡᠪᠡᠰᠦᠨ ᠤ | ᠪᠠᠶᠠᠯᠢᠭ ᠰᠠᠶᠢᠬᠠᠨ᠂ ᠬᠦᠮᠦᠰ ᠲᠤ ᠲᠠᠭᠠᠯᠠᠭᠳᠠᠭᠰᠠᠨ ᠪᠠᠶᠢᠭᠠᠯᠢ ᠶᠢᠨ ᠣᠷᠴᠢᠨ ᠲᠣᠭᠤᠷᠢᠨ ᠢ ᠪᠣᠢ ᠪᠣᠯᠭᠠᠵᠣ᠂ ︽ | ᠵᠣᠰᠠᠯᠠᠩ ᠤᠨ ᠠᠷᠢᠭᠤᠨ ᠣᠷᠣᠨ︾ ᠪᠠ ︽ᠴᠣᠯ ᠪᠠᠶᠢᠭᠠᠯᠢᠯᠢᠭ ᠬᠦᠴᠢᠯᠳᠦ᠋ᠷᠦᠭᠴᠢᠳᠦ ᠭᠠᠵᠠᠷ︾ ᠬᠡᠮᠡᠨ | ᠠᠯᠳᠠᠷᠰᠢᠭᠰᠠᠨ ᠪᠠᠶᠢᠨ᠎ᠠ᠃ ᠬᠢᠯᠢ ᠶᠢᠨ ᠲᠣᠳᠣᠷ᠎ᠠ ᠦᠨᠦᠳᠦᠷ ᠬᠦᠷᠳᠡᠯ᠎ᠡ ᠬᠠᠳᠠᠭᠠᠯᠠᠭᠰᠠᠭᠠᠷ ᠪᠠᠶᠢᠭ᠎ᠠ ᠰᠢᠯᠢᠳᠡᠭ | ᠰᠠᠶᠢᠬᠠᠨ ᠪᠠᠯᠠᠷᠯᠢᠭ ᠲᠠᠯ᠎ᠠ ᠨᠣᠳᠤᠭ ᠪᠠᠶᠢᠭᠠᠯᠢ ᠶᠢᠨ ᠨᠠᠭᠤᠷ ᠴᠦᠬᠦᠷᠦᠮ᠂ ᠣᠷᠭᠤᠮᠠᠯ ᠤᠨ ᠪᠦᠷᠬᠦᠴᠡ ᠰᠠᠶᠢᠨ᠂ | ᠲᠦᠷᠦᠯ ᠵᠦᠢᠯ ᠡᠯᠪᠡᠭ ᠪᠠᠶᠢᠵᠣ᠂ ᠠᠮᠢ ᠠᠬᠤᠢ ᠶᠢᠨ ᠪᠦᠳᠦᠭᠡᠨ ᠪᠠᠶᠢᠭᠤᠯᠣᠯᠳᠠ ᠬᠢᠭᠡᠳ ᠬᠠᠮᠠᠭᠠᠯᠠᠯᠳᠠ ᠶᠢᠨ | ᠬᠦᠴᠦᠯᠡᠴᠡ ᠪᠠᠨ ᠵᠢᠯ ᠲᠠᠷᠠᠭᠠᠯᠠᠨ ᠨᠡᠮᠡᠭᠳᠡᠭᠦᠯᠦᠭᠰᠡᠨ ᠪᠠᠶᠢᠨ᠎ᠠ᠃ ᠬᠤᠷᠴᠢᠨ ᠤ ᠲᠠᠯ᠎ᠠ ᠨᠣᠳᠤᠭ ᠤᠨ ᠬᠤᠷᠢᠮ ᠤᠨ | ᠶᠣᠰᠣᠯᠠᠯ ᠨᠢ ᠨᠢᠭᠡᠨᠳᠡ ᠪᠠᠶᠠᠷ ᠲᠣᠷᠠᠰᠬᠠᠯ ᠤᠨ ᠨᠡᠷᠡᠳᠦ ᠬᠦᠳᠡᠯᠭᠡᠭᠡᠨ ᠪᠣᠯᠵᠣ᠂ ᠵᠢᠭᠤᠯᠴᠢᠯᠠᠯ ᠤᠨ ᠤᠨ ᠰᠣᠶᠣᠯ ᠤᠨ | ᠦᠢᠯᠡᠰ ᠤᠨ ᠲᠦᠷᠭᠡᠨ ᠬᠦᠭᠵᠢᠯᠳᠡ ᠶᠢ ᠲᠠᠭᠠᠭᠤᠯᠣᠨ ᠠᠬᠢᠭᠤᠯᠣᠭᠰᠠᠨ ᠪᠠᠶᠢᠨ᠎ᠠ᠃ | | | | | | | | |