ᠠᠴᠢ ᠳᠣᠰᠠ ᠶᠢ ᠪᠤᠳᠤᠬᠤ᠃ ᠴᠠᠶᠢᠯᠭᠠᠨ ᠰᠡᠳᠬᠢᠯ ᠲᠠᠢ ᠬᠥᠮᠥᠨ ᠬᠡᠵᠢᠶᠡᠳᠡ ᠠᠵᠠ ᠵᠢᠷᠭᠠᠯ ᠲᠠᠢ᠂ ᠠᠴᠢ ᠶᠢ | ᠮᠡᠳᠡᠳᠡᠭ ᠬᠥᠮᠥᠨ ᠬᠡᠵᠢᠶᠡᠳᠡ ᠵᠣᠯ ᠵᠢᠷᠭᠠᠯ ᠲᠠᠢ ᠭᠡᠳᠡᠭ᠃ ᠪᠤᠰᠤᠳ ᠤᠨ ᠠᠴᠢ ᠳᠣᠰᠠ ᠶᠢ ᠮᠡᠳᠡᠬᠦ ᠪᠤᠯ | ᠠᠮᠢᠳᠤᠷᠠᠯ ᠤᠨ ᠨᠢᠭᠡ ᠵᠦᠢᠯ ᠤᠨ ᠣᠪᠣᠷ ᠮᠥᠨ᠂ ᠲᠡᠷᠡ ᠨᠢ ᠪᠢᠳᠠᠨ ᠢ ᠠᠮᠢᠳᠤᠷᠠᠯ ᠳᠤ ᠬᠠᠶᠢᠷᠠᠳᠠᠢ ᠬᠦᠰᠡᠯ | ᠮᠦᠷᠦᠬᠡᠳᠦᠯ ᠲᠠᠢ ᠪᠤᠯᠭᠠᠳᠠᠭ᠃ ᠠᠭᠤᠵᠢᠭᠤ ᠲᠠᠶᠢᠪᠤᠭᠤ ᠪᠠᠶᠢᠬᠤ᠃ ᠬᠦᠮᠦᠨ ᠤ ᠠᠮᠢᠳᠤᠷᠠᠯ ᠶᠡᠷᠦᠨᠢ ᠥᠭᠡᠳᠡ ᠲᠠᠢ | ᠤᠷᠤᠭᠤ ᠲᠠᠢ ᠪᠠᠶᠢᠳᠠᠭ᠃ ᠪᠢᠳᠡ ᠪᠤᠰᠤᠳ ᠢ ᠥᠭᠡᠷᠡᠴᠢᠯᠡᠵᠦ ᠴᠢᠳᠠᠬᠤ ᠦᠬᠡᠢ ᠪᠠᠶᠢᠵᠦ ᠮᠠᠭᠠᠳ᠂ ᠬᠠᠷᠢᠨ | ᠥᠪᠡᠷ ᠤᠨ ᠰᠡᠳᠬᠢᠯ ᠰᠠᠨᠠᠭ᠎ᠠ ᠪᠠᠨ ᠡᠵᠡᠮᠳᠡᠵᠦ ᠰᠣᠷᠬᠤ ᠭᠡᠷᠡᠭᠳᠡᠢ ᠶᠤᠮ᠃ ᠰᠡᠳᠬᠢᠯ ᠰᠠᠨᠠᠭ᠎ᠠ ᠪᠠᠨ ᠠᠭᠤᠵᠢᠭᠤ | ᠲᠠᠶᠢᠪᠤᠭᠤᠬᠠᠨ ᠪᠠᠶᠢᠯᠭᠠᠪᠠᠯ ᠰᠠᠶ᠋ᠢ ᠭᠤᠨᠢᠭ ᠪᠤᠬᠢᠨᠢᠳᠤᠯ ᠲᠠᠨ ᠠᠴᠠ ᠬᠤᠯᠠᠳᠠᠵᠦ ᠪᠠᠶᠢᠳᠠᠭ᠃ ᠳᠣᠳᠠᠭᠤ ᠠᠳᠠᠭᠠᠷᠬᠠᠬᠤ | ᠃ ᠠᠮᠢᠳᠤᠷᠠᠯ ᠳᠤ ᠶᠡᠷᠦᠨᠢ ᠣᠯᠠᠩᠬᠢ ᠦᠶ᠎ᠡ ᠳᠤ ᠪᠤᠬᠢᠨᠢᠳᠤᠯ ᠢ ᠥᠪᠡᠷ ᠢᠶᠠᠨ ᠡᠷᠢᠵᠦ᠂ ᠵᠣᠪᠠᠨᠢᠯ ᠢ ᠥᠪᠡᠷ ᠲᠡᠭᠡᠨ | ᠬᠤᠴᠤᠷᠣᠭᠠᠳᠠᠭ᠃ ᠦᠨᠡᠨ ᠳᠡᠭᠡᠨ ᠵᠠᠷᠢᠮ ᠤᠴᠢᠷ ᠶᠠᠪᠤᠳᠠᠯ ᠰᠠᠨᠠᠭᠰᠠᠨ ᠰᠢᠭ᠋ ᠲᠡᠶᠢᠮᠦ ᠪᠤᠳᠤᠯᠢᠶᠠᠨᠲᠠᠢ ᠪᠢᠰᠢ᠂ | ᠭᠡᠪᠡᠴᠦ ᠥᠪᠡᠷ ᠢᠶᠠᠨ ᠬᠡᠲᠦᠷᠬᠡᠢ ᠢᠯᠡᠬᠦᠦ ᠮᠦᠴᠡᠬᠡᠷᠬᠡᠵᠦ ᠠᠳᠠᠭᠠᠷᠬᠠᠬᠰᠠᠨ ᠠᠴᠠ ᠪᠤᠯᠤᠭᠠᠳ ᠪᠡᠶ᠎ᠡ ᠪᠠᠨ ᠵᠤᠪᠠᠭᠠᠳᠠᠭ | ᠶᠤᠮ᠃ ᠬᠡᠵᠢᠶᠡᠳᠡ ᠦᠪᠡᠷ ᠢᠶᠠᠷ ᠢᠶᠠᠨ ᠪᠠᠶᠢᠬᠤ᠃ ᠠᠮᠵᠢᠯᠳᠠ ᠳᠤ ᠪᠠᠷᠳᠠᠮᠨᠠᠬᠤ ᠦᠭᠡᠢ᠂ ᠢᠯᠠᠬᠳᠠᠯ ᠳᠤ ᠴᠦᠬᠦᠷᠡᠬᠦ | ᠦᠭᠡᠢ ᠪᠠᠶᠢᠬᠤ ᠪᠣᠯ ᠬᠠᠮᠤᠭ ᠤᠨ ᠴᠢᠬᠤᠯᠠ ᠶᠤᠮ᠃ ᠪᠠᠷᠢᠮᠲᠠᠯᠠᠬᠤ ᠶᠢᠨ ᠭᠠᠶᠢᠬᠠᠮᠰᠢᠭ ᠲᠤ ᠢᠲᠡᠭᠡᠬᠦ᠃ ᠬᠠᠮᠤᠭ ᠤᠨ | ᠵᠣᠯ ᠵᠢᠷᠭᠠᠯᠲᠠᠢ ᠠᠮᠢᠳᠣᠷᠠᠯ ᠪᠤᠯ᠂ ᠥᠪᠡᠷ ᠤᠨ ᠪᠠᠷᠢᠮᠲᠠᠯᠠᠯ ᠪᠠ ᠴᠢᠷᠮᠠᠶᠢᠯᠭ᠎ᠠ ᠪᠠᠷ ᠢᠶᠠᠨ ᠰᠠᠨᠠᠭᠰᠠᠨ ᠢᠶᠠᠨ ᠪᠡᠶᠡᠯᠡᠭᠦᠯᠬᠦ | ᠶᠠᠪᠤᠳᠠᠯ ᠪᠣᠯᠣᠨ᠎ᠠ᠃ ᠡᠶᠢᠮᠦ ᠠᠴᠠ ᠬᠠᠮᠢᠭ᠎ᠠ ᠶᠠᠭᠤ ᠬᠢᠵᠦ ᠪᠠᠶᠢᠬᠰᠠᠨ ᠴᠦ ᠰᠠᠨᠠᠭᠰᠠᠨ ᠢᠶᠠᠨ ᠪᠡᠶᠡᠯᠡᠭᠦᠯᠬᠦ ᠶᠢᠨ | ᠲᠥᠯᠥᠭᠡ ᠴᠦᠬᠦᠷᠡᠰᠢ ᠦᠬᠡᠢ ᠵᠤᠷᠢᠭ ᠢᠶᠠᠷ ᠵᠢᠳᠬᠦᠬᠦ ᠯᠠ ᠴᠢᠬᠤᠯᠠ ᠶᠤᠮ᠃ |