1. ᠢᠮᠠᠭ᠎ᠠ ᠲᠡᠵᠢᠭᠡᠬᠦ ᠳᠤ ᠬᠦᠴᠦ ᠣᠷᠣᠭᠤᠯᠬᠤ ᠦᠭᠡᠢ | ᠣᠯᠠᠩᠬᠢ ᠢᠮᠠᠭ᠎ᠠ ᠲᠡᠵᠢᠭᠡᠬᠦ ᠡᠷᠦᠬᠡ ᠠᠮᠠᠷ ᠢ ᠪᠣᠳᠣᠵᠤ᠂ ᠡᠪᠡᠰᠦ ᠪᠤᠶᠤ ᠡᠰᠢ ᠰᠦᠷᠡᠯ ᠢ ᠪᠦᠬᠦᠯᠢ ᠢᠶᠠᠷ | ᠰᠢᠭᠤᠳ ᠬᠠᠰᠢᠶ᠎ᠠ ᠬᠤᠷᠤᠭᠠᠨ ᠳᠤᠨᠢ ᠬᠠᠶᠠᠵᠤ ᠲᠡᠵᠢᠭᠡᠨ᠂ ᠴᠢᠨᠠᠭᠰᠢᠯᠠᠪᠠᠯ ᠨᠠᠷᠢᠯᠢᠭ ᠪᠣᠷᠳᠤᠭ᠎ᠠ ᠪᠤᠶᠤ ᠡᠷᠦᠳᠡᠰᠦ | ᠪᠣᠳᠠᠰ᠂ ᠨᠡᠮᠡᠯᠲᠡ ᠡᠳ᠋ ᠨᠡᠮᠡᠵᠦ ᠲᠡᠵᠢᠭᠡᠬᠦ ᠦᠭᠡᠢ ᠪᠠᠶᠢᠳᠠᠭ᠃ | 2. ᠬᠢᠵᠢᠭ ᠰᠡᠷᠭᠡᠶᠢᠯᠡᠬᠦ ᠪᠠ ᠬᠤᠷᠣᠬᠠᠢ ᠲᠠᠭᠤᠬᠤ ᠦᠭᠡᠢ | ᠣᠯᠠᠩᠬᠢ ᠢᠮᠠᠭ᠎ᠠ ᠲᠡᠵᠢᠭᠡᠬᠦ ᠡᠷᠦᠬᠡ ᠨᠢ ᠢᠮᠠᠭ᠎ᠠ ᠶᠢ ᠠᠮᠠᠷᠬᠠᠨ ᠭᠡᠮᠨᠡᠬᠦ ᠦᠭᠡᠢ᠂ ᠰᠡᠷᠭᠡᠶᠢᠯᠡᠯᠲᠡ ᠶᠢᠨ ᠲᠠᠷᠢᠯᠭ᠎ᠠ | ᠬᠢᠬᠦ ᠴᠢᠬᠤᠯᠠ ᠦᠭᠡᠢ᠂ ᠬᠤᠷᠣᠬᠠᠢ ᠲᠠᠭᠤᠬᠤ ᠨᠢ ᠨᠡᠩ ᠴᠦ ᠨᠢᠭᠡ ᠵᠦᠢᠯ ᠤᠨ ᠢᠯᠡᠭᠦᠴᠡ ᠬᠡᠷᠡᠭ᠂ ᠵᠣᠭᠤᠰ ᠢ | ᠲᠠᠯᠠᠭᠠᠷ ᠪᠦᠷᠢᠯᠭᠡᠵᠦ ᠪᠠᠶᠢᠬᠤ ᠬᠡᠷᠡᠭ ᠭᠡᠵᠦ ᠦᠵᠡᠭᠡᠳ᠂ ᠬᠠᠷᠢᠨ ᠬᠠᠯᠳᠠᠪᠤᠷᠢᠲᠦ ᠭᠡᠮ᠂ ᠮᠦᠯᠵᠢᠭᠦᠷ ᠬᠤᠷᠣᠬᠠᠢ ᠶᠢᠨ | ᠭᠡᠮ ᠤᠨ ᠢᠮᠠᠭ᠎ᠠ ᠲᠡᠵᠢᠭᠡᠬᠦ ᠦᠢᠯᠡᠰ ᠲᠠᠬᠢ ᠬᠠᠮᠤᠭ ᠤᠨ ᠶᠡᠭᠡ ᠬᠤᠤᠷ ᠬᠦᠨᠦᠭᠡᠯ ᠢ ᠮᠡᠳᠡᠬᠦ ᠦᠭᠡᠢ ᠪᠠᠶᠢᠳᠠᠭ᠃ | 3. ᠣᠶᠢᠷ᠎ᠠ ᠲᠥᠷᠥᠯ ᠢᠶᠠᠷ ᠬᠡᠭᠡᠯᠲᠦᠬᠦ | ᠢᠮᠠᠭ᠎ᠠ ᠶᠢ ᠦᠷᠡᠵᠢᠭᠦᠯᠬᠦ ᠳᠡᠭᠡᠷ᠎ᠡ ᠣᠯᠠᠩᠬᠢ ᠬᠥᠮᠥᠰ ᠳᠦᠭᠦᠮ ᠢ ᠪᠣᠳᠣᠵᠤ᠂ ᠤᠬᠤᠨ᠎ᠠ ᠶᠢ ᠰᠣᠩᠭᠤᠬᠤ | ᠦᠭᠡᠢ᠂ ᠳᠣᠷ᠎ᠠ ᠪᠠᠷ ᠬᠡᠭᠡᠯᠲᠦᠭᠦᠯᠦᠭᠰᠡᠨ ᠠᠴᠠ ᠣᠶᠢᠷ᠎ᠠ ᠲᠦᠷᠦᠯ ᠢᠶᠠᠷ ᠬᠡᠭᠡᠯᠳᠦᠵᠦ᠂ ᠡᠭᠦᠯᠳᠡᠷ ᠳᠤᠷᠦ᠋ᠢᠲᠠᠭᠠᠳ᠂ | ᠦᠷᠡᠵᠢᠯ ᠤᠨ ᠴᠢᠳᠠᠪᠤᠷᠢ ᠳᠣᠷᠣᠭᠰᠢᠯᠠᠬᠤ ᠪᠠᠶᠢᠳᠠᠯ ᠢᠯᠡᠷᠡᠭᠰᠡᠨ ᠪᠠᠶᠢᠨ᠎ᠠ᠃ | 4. ᠡᠷ᠎ᠡ ᠡᠮ᠎ᠡ ᠢᠮᠠᠭ᠎ᠠ ᠶᠢ ᠬᠠᠮᠳᠤ ᠲᠡᠵᠢᠭᠡᠬᠦ | ᠡᠷ᠎ᠡ ᠢᠮᠠᠭ᠎ᠠ ᠶᠢᠨ ᠪᠡᠯᠭᠡ ᠨᠢ ᠪᠣᠯᠪᠠᠰᠣᠷᠠᠭᠰᠠᠨ ᠤ ᠰᠡᠭᠦᠯᠡᠷ ᠵᠠᠪᠠᠯ ᠡᠮ᠎ᠡ ᠢᠮᠠᠭ᠎ᠠ ᠠᠴᠠ ᠰᠠᠯᠭᠠᠵᠦ ᠲᠡᠵᠢᠭᠡᠬᠦ | ᠬᠡᠷᠡᠭᠲᠡᠢ᠃ 5. ᠢᠰᠢᠭᠡ ᠶᠢ ᠰᠦ ᠠᠴᠠ ᠨᠢ ᠬᠡᠳᠦ ᠡᠷᠲᠡ ᠰᠠᠯᠭᠠᠬᠤ ᠢᠰᠢᠭᠡ ᠶᠢ ᠰᠦ ᠠᠴᠠ ᠨᠢ ᠬᠡᠳᠦ | ᠡᠷᠲᠡ ᠰᠠᠯᠭᠠᠪᠠᠯ᠂ ᠦᠰᠦᠯᠲᠡ ᠪᠤᠶᠢᠵᠢᠯᠲᠠ ᠶᠢ ᠨᠢ ᠨᠦᠯᠦᠭᠡᠯᠡᠵᠦ᠂ ᠴᠢᠨᠠᠭᠰᠢᠯᠠᠪᠠᠯ ᠦᠬᠦᠵᠦ ᠮᠡᠳᠡᠨ᠎ᠡ᠃ | 6. ᠨᠠᠷᠢᠯᠢᠭ ᠪᠣᠷᠳᠤᠭ᠎ᠠ ᠪᠠᠷ ᠬᠡᠲᠦᠷᠡᠲᠡᠯ᠎ᠡ ᠲᠡᠵᠢᠭᠡᠬᠦ ᠪᠠ ᠲᠡᠵᠢᠭᠡᠯ ᠪᠣᠷᠳᠤᠭ᠎ᠠ ᠶᠢ ᠭᠡᠨᠡᠳᠲᠡ ᠰᠤᠯᠢᠬᠤ | ᠲᠡᠵᠢᠭᠡᠬᠦ ᠡᠷᠦᠬᠡ ᠠᠴᠠ ᠢᠮᠠᠭ᠎ᠠ ᠶᠢᠨ ᠰᠦᠨ ᠭᠠᠷᠤᠯᠲᠠ ᠪᠤᠶᠤ ᠦᠰᠦᠯᠲᠡ ᠶᠢ ᠲᠦᠷᠭᠡᠳᠭᠡᠬᠦ ᠶᠢᠨ ᠲᠥᠯᠥᠭᠡ᠂ | ᠨᠢᠭᠡ ᠯᠠ ᠬᠡᠪ ᠢᠶᠠᠷ ᠨᠠᠷᠢᠯᠢᠭ ᠪᠣᠷᠳᠤᠭ᠎ᠠ ᠪᠠᠷ ᠲᠡᠵᠢᠭᠡᠪᠡᠯ ᠢᠮᠠᠭ᠎ᠠ ᠶᠢᠨ ᠭᠦᠵᠡᠭᠡ ᠬᠥᠭᠡᠭᠡᠬᠦ ᠪᠤᠯᠤᠨ᠎ᠠ︔ ᠵᠠᠷᠢᠮ | ᠲᠡᠵᠢᠭᠡᠬᠦ ᠡᠷᠦᠬᠡ ᠨᠢ ᠪᠠᠰᠠ ᠪᠣᠷᠳᠤᠭ᠎ᠠ ᠶᠢ ᠭᠡᠨᠡᠳᠲᠡ ᠰᠣᠯᠢᠵᠤ᠂ ᠬᠤᠳᠤᠭᠤᠳᠤ ᠭᠡᠳᠡᠰᠦ ᠶᠢ ᠡᠪ ᠦᠭᠡᠢ ᠪᠤᠯᠭᠠᠵᠦ | ᠪᠤᠢ᠃ | 7. ᠬᠠᠰᠢᠶ᠎ᠠ ᠬᠤᠷᠤᠭ᠎ᠠ ᠶᠢ ᠴᠢᠩᠭ᠎ᠠ ᠠᠷᠢᠭᠤᠳᠬᠠᠬᠤ ᠦᠭᠡᠢ | ᠬᠠᠰᠢᠶ᠎ᠠ ᠬᠤᠷᠤᠭ᠎ᠠ ᠨᠢ ᠴᠢᠬᠢᠭ ᠶᠡᠭᠡ᠂ ᠰᠠᠯᠬᠢ ᠨᠡᠪᠲᠡᠷᠡᠯᠲᠡ ᠮᠠᠭᠤ ᠦᠶᠡᠰ ᠬᠡᠷᠪᠡ ᠲᠤᠭᠲᠠᠮᠠᠯ | ᠬᠤᠭᠤᠴᠠᠭ᠎ᠠ ᠪᠠᠷ ᠠᠷᠢᠭᠤᠳᠬᠠᠬᠤ ᠦᠭᠡᠢ ᠪᠣᠯ ᠢᠮᠠᠭ᠎ᠠ ᠨᠢ ᠲᠤᠩ ᠠᠮᠠᠷᠬᠠᠨ ᠪᠠᠭᠠᠰᠤ ᠠᠯᠳᠠᠵᠦ᠂ ᠬᠠᠮᠠᠭᠤ᠂ | ᠲᠤᠭᠤᠷᠠᠢ ᠢᠯᠵᠠᠷᠠᠬᠤ ᠭᠡᠮ ᠳᠤ ᠨᠡᠷᠪᠡᠭᠳᠡᠭᠡᠳ᠂ ᠬᠠᠯᠳᠠᠪᠤᠷᠢᠲᠦ ᠭᠡᠮ ᠢ ᠬᠢᠵᠠᠭᠠᠷᠯᠠᠬᠤ ᠳᠤ ᠬᠦᠴᠢᠷ ᠪᠣᠯᠣᠨ᠎ᠠ᠃ |