ᠥᠨᠥᠳᠦᠷ᠂ ᠠᠮᠢᠲᠤᠷᠠᠯ ᠤᠨ ᠠᠶᠢᠵᠠᠮ ᠲᠦᠷᠭᠡᠰᠴᠦ᠂ ᠠᠵᠢᠯ ᠤᠨ ᠲᠠᠷᠤᠭᠠᠰᠦ ᠨᠡᠮᠡᠭᠳᠡᠨ᠂ ︽ᠬᠡᠲᠦᠷᠡᠳᠡᠯ᠎ᠡ | ᠶᠠᠳᠠᠷᠠᠭᠠᠳ ᠮᠠᠷᠢᠶᠠᠯᠠᠬᠤ︾᠂ ︽ᠭᠡᠲᠦᠷᠡᠳᠡᠯ᠎ᠡ ᠶᠠᠲᠠᠷᠠᠭᠠᠳ ᠮᠠᠨᠠᠷᠠᠬᠤ︾ ᠵᠡᠷᠭᠡ ᠡᠷᠡᠭᠦᠯ ᠮᠡᠨᠳᠦ ᠶᠢᠨ ᠠᠰᠠᠭᠤᠳᠠᠯ ᠴᠤ | ᠶᠠᠪᠤᠬᠤ ᠲᠤᠲᠤᠮ ᠬᠦᠮᠦᠰ ᠤᠨ ᠠᠩᠬᠠᠷᠤᠯ ᠢ ᠲᠠᠲᠠᠵᠤ ᠪᠠᠶᠢᠨ᠎ᠠ᠃ ᠡᠳᠡᠭᠡᠷ ᠢ ᠬᠡᠯᠡᠵᠦ ᠪᠠᠶᠢᠭ᠎ᠠ ᠨᠢ ᠲᠠᠨ ᠢ | ᠠᠶᠤᠯᠭᠠᠬᠤ ᠶᠢᠨ ᠲᠥᠯᠥᠭᠡ ᠪᠢᠰᠢ᠂ ᠬᠠᠷᠢᠨ ᠡᠷᠡᠭᠦᠯ ᠮᠡᠨᠳᠦ ᠶᠢᠨ ᠠᠰᠠᠭᠤᠳᠠᠯ ᠳᠠᠭᠠᠨ ᠵᠥᠪ ᠢᠶᠠᠷ ᠬᠠᠨᠳᠤᠵᠤ᠂ ᠪᠡᠶ᠎ᠡ | ᠮᠠᠬᠠᠪᠣᠳ ᠬᠠᠪᠤ ᠦᠬᠡᠢ ᠪᠤᠯᠤᠭᠰᠠᠨ ᠤ ᠲᠠᠷᠠᠭᠠᠬᠢ ᠳᠣᠬᠢᠶ᠎ᠠ ᠶᠢ ᠡᠷᠳᠡᠭᠡᠨ ᠤᠯᠵᠦ ᠮᠡᠳᠡᠭᠡᠳ ᠬᠤᠷᠲᠤᠬᠠᠨ ᠠᠷᠭ᠎ᠠ | ᠬᠡᠮᠵᠢᠶ᠎ᠡ ᠠᠪᠬᠤ ᠶᠢ ᠰᠠᠨᠠᠭᠤᠯᠤᠶ᠎ᠠ ᠭᠡᠰᠡᠨ ᠶᠤᠮ᠃ ᠲᠡᠭᠡᠪᠡᠯ ᠳᠤᠤᠷᠠᠬᠢ ᠬᠡᠲᠦᠨ ᠰᠡᠷᠡᠮᠵᠢ ᠶᠢᠨ ᠳᠣᠬᠢᠶ᠎ᠠ ᠶᠢ ᠲᠠ | ᠤᠯᠵᠦ ᠮᠡᠳᠡᠭᠰᠡᠨ ᠤᠤ︖ ᠬᠡᠪᠡᠯᠢ ᠶᠢᠨ ᠬᠡᠰᠡᠭ ᠮᠠᠷᠢᠶᠠᠯᠠᠬᠤ᠄ 30 — 50 ᠨᠠᠰᠤᠨ ᠤ ᠬᠥᠮᠦᠨ ᠤ ᠬᠡᠪᠡᠯᠢ ᠶᠢᠨ | ᠬᠡᠰᠡᠭ ᠮᠠᠷᠢᠶᠠᠯᠠᠬᠤ ᠨᠢ ᠦᠷᠭᠦᠯᠵᠢ ᠴᠢᠰᠤᠨ ᠥᠭᠡᠬᠦ ᠥᠨᠳᠥᠷᠵᠢᠬᠦ᠂ ᠡᠯᠢᠭᠡ ᠥᠭᠡᠬᠦᠯᠡᠬᠦ᠂ ᠴᠢᠰᠤᠨ ᠳᠠᠷᠤᠯᠲᠠ | ᠥᠨᠳᠥᠷᠵᠢᠬᠦ ᠪᠠ ᠵᠢᠷᠦᠬᠡᠨ ᠲᠢᠲᠢᠮ ᠤᠨ ᠡᠪᠡᠳᠴᠢᠨ ᠵᠡᠷᠭᠡ ᠲᠠᠢ ᠬᠤᠯᠪᠤᠭ᠎ᠠ ᠲᠠᠢ ᠪᠠᠶᠢᠲᠠᠭ᠃ ᠡᠭᠦᠨ ᠠᠴᠠ ᠭᠠᠳᠠᠨ᠎ᠠ᠂ | ᠭᠡᠳᠡᠰᠦ ᠪᠦᠲᠦᠬᠦᠷᠡᠬᠦ ᠨᠢ ᠪᠠᠰᠠ ᠴᠢᠰᠤᠨ ᠰᠢᠬᠢᠷ ᠬᠡᠪ ᠤᠨ ᠪᠤᠰᠤ᠂ ᠲᠠᠮᠠᠬᠢ ᠲᠠᠲᠠᠬᠤ ᠵᠡᠷᠭᠡ ᠰᠢᠯᠲᠠᠭᠠᠨ ᠪᠠ ᠢᠳᠡᠭᠡᠨ | ᠤᠮᠳᠠᠭᠠᠨ ᠤ ᠮᠠᠭᠤ ᠳᠠᠳᠬᠠᠯ ᠠᠴᠠ ᠪᠣᠯᠤᠬᠰᠠᠨ ᠪᠠᠶᠢᠵᠦ ᠮᠡᠳᠡᠨ᠎ᠡ᠃ ᠬᠡᠵᠢᠬᠡ ᠤᠨᠠᠬᠤ᠄ ᠠᠵᠢᠯ ᠤᠨ ᠳᠠᠷᠤᠭᠠᠰᠤ | ᠨᠡᠮᠡᠭᠳᠡᠬᠦ ᠪᠠ ᠣᠶᠤᠨ ᠰᠠᠨᠠᠭᠠᠨ ᠤ ᠪᠠᠴᠢᠮᠳᠠᠯ ᠠᠴᠠ ᠪᠤᠯᠵᠦ ᠬᠡᠵᠢᠭᠡ ᠤᠨᠠᠲᠠᠭ᠃ ᠡᠬᠦᠨ ᠠᠴᠠ ᠭᠠᠲᠠᠨ᠎ᠠ ᠪᠠᠰᠠ | ᠨᠦᠢᠷ ᠬᠤᠯᠵᠢᠬᠤ ᠡᠰᠡᠬᠦᠯ᠎ᠡ ᠬᠡᠲᠦ ᠤᠷᠤᠢ ᠤᠨᠲᠠᠬᠤ ᠵᠡᠷᠭᠡ ᠨᠢ ᠠᠷᠠᠰᠤᠨ ᠤ ᠥᠭᠡᠬᠦ ᠶᠢᠨ ᠱᠦᠭᠦᠷᠡᠯᠲᠡ ᠶᠢ | ᠨᠡᠮᠡᠭᠳᠡᠭᠦᠯᠵᠦ᠂ ᠥᠭᠡᠬᠦ ᠨᠡᠪᠴᠢᠬᠦ ᠴᠢᠨᠠᠷᠲᠠᠢ ᠦᠰᠦ ᠤᠨᠠᠬᠤ ᠪᠠᠶᠢᠲᠠᠯ ᠢ ᠡᠬᠦᠰᠭᠡᠳᠡᠭ᠃ ᠪᠠᠰᠠ ᠵᠠᠷᠢᠮ ᠦᠷᠭᠦᠯᠵᠢ | ᠲᠣᠬᠢᠶᠠᠯᠳᠤᠳᠠᠭ ᠳᠣᠲᠣᠷ ᠰᠠᠯᠠᠭᠠᠨ ᠤ ᠡᠪᠡᠳᠴᠢᠨ᠂ ᠵᠢᠱᠢᠶᠡᠯᠡᠪᠡᠯ ᠡᠯᠢᠭᠡ ᠪᠥᠭᠡᠷᠡᠨ ᠤ ᠠᠵᠢᠯᠯᠠᠭ᠎ᠠ ᠶᠢᠨ ᠭᠡᠮᠲᠦᠯ | ᠵᠢᠴᠢ ᠪᠠᠮᠪᠠᠢ ᠪᠤᠯᠴᠢᠷᠬᠠᠶ᠂ ᠳᠣᠲᠣᠭᠠᠳᠤ ᠱᠦᠭᠦᠷᠡᠯ ᠵᠡᠷᠭᠡ ᠠᠵᠢᠯᠯᠠᠭ᠎ᠠ ᠶᠢᠨ ᠰᠠᠮᠠᠭᠤᠷᠠᠯ ᠠᠴᠠ ᠪᠣᠯᠵᠤ ᠬᠡᠵᠢᠬᠡ | ᠤᠨᠠᠲᠠᠭ ᠪᠠᠶᠢᠨ᠎ᠠ᠃ ᠰᠢᠬᠡᠰᠦ ᠠᠯᠲᠠᠬᠤ᠄ 30 — 40 ᠨᠠᠰᠤᠨ ᠤ ᠬᠤᠭᠤᠷᠣᠨᠳᠣᠬᠢ ᠬᠥᠮᠦᠨ ᠪᠠᠶᠢᠨ ᠳᠠᠬᠢᠨ | ᠵᠣᠷᠯᠣᠩ ᠳᠤ ᠤᠷᠤᠵᠦ᠂ ᠵᠤᠷᠯᠤᠩ ᠳᠤ ᠤᠷᠤᠬᠤ ᠲᠤᠭ᠎ᠠ ᠨᠢ ᠡᠩ ᠤᠨ ᠬᠥᠮᠦᠨ ᠠᠴᠠ ᠢᠯᠡᠬᠦᠦ ᠪᠠᠶᠢᠬᠤ ᠨᠢ ᠡᠷᠡᠬᠦᠯ | ᠮᠠᠨᠲᠦ ᠶᠢᠨ ᠠᠰᠠᠭᠤᠲᠠᠯ ᠤᠷᠤᠰᠢᠵᠦ ᠪᠠᠶᠢᠭ᠎ᠠ ᠶᠢ ᠨᠢᠬᠡ ᠲᠠᠯ᠎ᠠ ᠠᠴᠠ ᠬᠠᠷᠠᠭᠤᠯᠵᠦ ᠪᠠᠶᠢᠲᠠᠭ᠃ ᠤᠰᠤ ᠠᠷᠪᠢᠨ | ᠤᠤᠭᠤᠬᠤ᠂ ᠦᠷᠪᠢᠰᠦᠯ ᠵᠡᠷᠭᠡ ᠬᠦᠴᠦᠨ ᠵᠦᠢᠯ ᠠᠴᠠ ᠭᠠᠳᠠᠨ᠎ᠠ᠂ ᠣᠶᠤᠨ ᠰᠠᠨᠠᠭᠠᠨ ᠤ ᠳᠠᠷᠤᠯᠲᠠ ᠨᠢ ᠮᠥᠨ ᠴᠦ | ᠪᠠᠶᠢᠨ ᠲᠠᠬᠢᠨ ᠰᠢᠬᠡᠬᠦ ᠶᠢᠨ ᠨᠢᠬᠡᠨ ᠰᠢᠯᠲᠠᠭᠠᠨ ᠪᠣᠯᠤᠨ᠎ᠠ᠂ ᠪᠠᠰᠠ ᠪᠦᠬᠡᠷ᠎ᠠ ᠶᠢᠨ ᠴᠢᠯᠠᠭᠤᠵᠢᠮᠠᠯ ᠪᠤᠶᠤ ᠰᠢᠭᠡᠰᠦ | ᠢᠯᠭᠠᠷᠠᠭᠤᠯᠬᠤ ᠰᠢᠰᠲ᠋ᠧᠮ ᠤᠨ ᠡᠪᠡᠳᠴᠢᠨ ᠠᠴᠠ ᠪᠤᠯᠤᠬᠰᠠᠨ ᠪᠠᠶᠢᠵᠦ ᠮᠡᠳᠡᠨ᠎ᠡ᠃ ᠴᠡᠭᠡᠵᠢᠯᠡᠬᠦ ᠴᠢᠳᠠᠪᠤᠷᠢ | ᠮᠠᠭᠤᠳᠠᠬᠤ᠄ ᠵᠣᠪᠠᠵᠦ ᠪᠤᠬᠢᠨᠢᠳᠤᠬᠤ᠂ ᠨᠦᠢᠷ ᠬᠤᠯᠵᠢᠵᠤ ᠰᠥᠨᠢᠵᠢᠨ ᠰᠠᠭᠤᠬᠤ ᠪᠠ ᠲᠠᠷᠢᠬᠢ ᠪᠠᠨ ᠬᠡᠲᠦᠷᠡᠲᠡᠯ᠎ᠡ | ᠭᠡᠷᠡᠭᠯᠡᠬᠦ ᠵᠡᠷᠭᠡ ᠨᠢ ᠪᠦᠷ ᠴᠡᠭᠡᠵᠢᠯᠡᠬᠦ ᠴᠢᠳᠠᠪᠤᠷᠢ ᠶᠢ ᠲᠤᠷᠦ᠋ᠢᠲᠠᠭᠤᠯᠲᠠᠭ᠃ ᠡᠬᠦᠨ ᠠᠴᠠ ᠭᠠᠲᠠᠨ᠎ᠠ᠂ ᠪᠡᠶ᠎ᠡ | ᠶᠠᠳᠠᠷᠠᠬᠤ ᠶᠢ ᠲᠠᠭᠠᠯᠲᠤᠨ ᠭᠠᠳᠠᠭᠠᠳᠤ ᠶᠢᠷᠳᠢᠨᠴᠤ ᠶᠢᠨ ᠬᠡᠷᠡᠭ ᠪᠣᠳᠠᠰ ᠢ ᠰᠡᠷᠭᠡᠭ ᠢᠶᠠᠷ ᠲᠠᠨᠢᠬᠤ ᠬᠡᠮᠵᠢᠶ᠎ᠡ ᠨᠢ | ᠪᠠᠭᠤᠷᠠᠵᠤ᠂ ᠴᠡᠭᠡᠵᠢᠯᠡᠬᠦ ᠴᠢᠳᠠᠪᠤᠷᠢ ᠴᠤ ᠮᠠᠭᠤᠲᠠᠲᠠᠭ᠃ ᠴᠡᠭᠡᠵᠢ ᠪᠠᠷ ᠪᠤᠲᠤᠬᠤ ᠴᠢᠲᠠᠪᠦᠷᠢ ᠲᠤᠷᠦ᠋ᠢᠲᠠᠬᠤ᠄ ᠴᠡᠭᠡᠵᠢᠯᠡᠬᠦ | ᠴᠢᠳᠠᠪᠤᠷᠢ ᠪᠠᠭᠤᠷᠠᠬᠤ ᠲᠠᠢ ᠠᠳᠠᠯᠢ ᠪᠠᠷ᠂ ᠴᠡᠭᠡᠵᠢ ᠪᠠᠷ ᠪᠤᠳᠤᠬᠤ ᠴᠢᠳᠠᠪᠤᠷᠢ ᠶᠢᠨ ᠮᠠᠭᠤᠳᠠᠬᠤ ᠨᠢ ᠴᠦ ᠰᠥᠨᠢᠵᠢᠨ | ᠰᠠᠭᠤᠬᠤ᠂ ᠨᠦᠢᠷ ᠬᠤᠯᠵᠢᠬᠤ ᠵᠡᠷᠭᠡ ᠲᠠᠢ ᠬᠤᠯᠪᠣᠭ᠎ᠠ ᠲᠠᠢ ᠪᠠᠶᠢᠳᠠᠭ᠃ ᠠᠭᠤᠷᠯᠠᠵᠦ ᠲᠤᠭᠰᠢᠷᠠᠬᠤ᠄ ᠡᠨᠡ ᠨᠢ | ᠠᠵᠢᠯ ᠤᠨ ᠲᠠᠷᠤᠭᠠᠰᠦ᠂ ᠠᠮᠢᠲᠤᠷᠠᠯ ᠤᠨ ᠨᠤᠬᠤᠴᠠᠭᠠᠨ ᠠᠴᠠ ᠪᠤᠯᠤᠬᠰᠠᠨ ᠪᠠᠶᠢᠵᠦ ᠮᠡᠳᠡᠨ᠎ᠡ᠃ ᠡᠳᠡᠭᠡᠷ ᠢᠯᠡᠷᠡᠯ | ᠭᠠᠷᠪᠠᠯ ᠴᠠᠭ ᠲᠤᠬᠠᠶ ᠳᠤᠨᠢ ᠥᠪᠡᠷ ᠤᠨ ᠰᠡᠳᠭᠢᠴᠡ ᠪᠠ ᠠᠵᠢᠯᠯᠠᠵᠤ ᠠᠮᠠᠷᠠᠬᠤ ᠴᠠᠭ ᠢᠶᠠᠨ ᠲᠣᠬᠢᠷᠠᠭᠤᠯᠵᠦ᠂ | ᠰᠡᠳᠭᠢᠯ ᠰᠠᠨᠠᠭ᠎ᠠ ᠪᠠᠨ ᠲᠠᠶᠢᠪᠤᠰᠢᠷᠠᠭᠤᠯᠵᠦ᠂ ᠲᠤᠭᠤᠰᠢᠲᠠᠢ ᠠᠮᠠᠷᠠᠵᠦ ᠪᠤᠯᠤᠨ᠎ᠠ᠃ ᠠᠩᠬᠠᠷᠤᠯ ᠲᠥᠪᠯᠡᠷᠡᠭᠦ ᠦᠬᠡᠢ᠄ | ᠡᠨᠡ ᠨᠢ ᠨᠦᠢᠷ ᠮᠠᠭᠤ ᠠᠴᠠ ᠪᠤᠯᠤᠬᠰᠠᠨ ᠠᠴᠠ ᠭᠠᠳᠠᠨ᠎ᠠ ᠤᠶᠤᠨ ᠰᠠᠨᠠᠭᠠᠨ ᠤ ᠭᠠᠨᠭ᠍ᠰᠠᠷᠠᠯ ᠲᠠᠢ ᠬᠠᠮᠢᠶ᠎ᠠ ᠲᠠᠢ ᠪᠠᠶᠢᠵᠦ | ᠮᠡᠳᠡᠨ᠎ᠡ᠃ ᠰᠡᠳᠭᠢᠯ ᠤᠨ ᠳᠠᠷᠤᠯᠲᠠ ᠶᠡᠭᠡ ᠪᠤᠯ ᠪᠡᠶ᠎ᠡ ᠴᠦ ᠲᠠᠭᠠᠨ ᠮᠠᠭᠤᠲᠠᠵᠦ᠂ ᠤᠷᠮ᠎ᠠ ᠰᠡᠳᠭᠢᠯᠭᠡ ᠶᠢ | ᠨᠥᠯᠥᠭᠡᠯᠡᠬᠦ ᠪᠠᠷ ᠪᠠᠷᠠᠬᠤ ᠥᠬᠡᠶ ᠬᠥᠮᠦᠰ ᠤᠨ ᠲᠠᠨᠢᠨ ᠮᠡᠳᠡᠬᠦᠶ ᠶᠢ ᠴᠦ ᠨᠥᠯᠥᠭᠡᠯᠡᠳᠡᠭ᠃ ᠡᠶᠢᠮᠦ ᠠᠴᠠ ᠡᠩ ᠤᠨ | ᠠᠮᠢᠲᠤᠷᠠᠯ ᠳᠠᠭᠠᠨ ᠲᠠᠷᠤᠭᠠᠰᠦ ᠪᠠᠨ ᠬᠦᠡᠭᠭᠡᠯᠡᠵᠦ ᠰᠡᠳᠭᠢᠯ ᠢᠶᠠᠨ ᠠᠷᠭᠠᠲᠠᠵᠦ ᠰᠤᠷᠬᠤ ᠨᠢ ᠴᠢᠬᠤᠯᠠ᠃ ᠨᠦᠢᠷ | ᠮᠠᠭᠤᠳᠠᠬᠤ᠄ ᠤᠨᠲᠠᠬᠤ ᠴᠠᠭ ᠤᠯᠠᠮ ᠠᠴᠠ ᠤᠯᠠᠮ ᠣᠬᠤᠷ ᠪᠣᠯᠵᠤ᠂ ᠰᠦᠨᠢ ᠳᠡᠭᠡᠨ ᠤᠨᠲᠠᠬᠤ ᠦᠬᠡᠢ᠂ ᠡᠲᠦᠷ ᠲᠡᠭᠡᠨ | ᠴᠤᠭ ᠰᠦᠯᠳᠡ ᠦᠬᠡᠢ᠃ ᠡᠳᠡᠭᠡᠷ ᠨᠢ ᠪᠦᠷ ᠣᠶᠤᠨ ᠰᠠᠨᠠᠭᠠᠨ ᠤ ᠰᠠᠮᠠᠭᠤᠷᠠᠯ ᠠᠴᠠ ᠪᠣᠯᠵᠠᠶ᠃ ᠣᠶᠤᠨ ᠰᠠᠨᠠᠭᠠᠨ ᠤ | ᠳᠠᠷᠤᠯᠲᠠ ᠶᠡᠭᠡ᠂ ᠰᠠᠨᠲᠤᠷᠤᠯ ᠪᠠᠴᠢᠮᠳᠠᠯ ᠠᠴᠠ ᠪᠣᠯᠵᠤ ᠤᠨᠲᠠᠯᠭ᠎ᠠ ᠶᠢᠨ ᠶᠠᠰᠦ ᠴᠢᠨᠠᠷ ᠳᠣᠷᠣᠭᠰᠢᠯᠠᠨ᠎ᠠ᠃ | ᠤᠨᠲᠠᠬᠤ ᠠᠴᠠ ᠪᠠᠨ ᠡᠮᠦᠨ᠎ᠡ ᠬᠥᠭᠵᠢᠮ ᠰᠣᠨᠣᠰᠴᠤ᠂ ᠰᠡᠳᠭᠢᠯ ᠰᠠᠨᠠᠭ᠎ᠠ ᠪᠠᠨ ᠲᠠᠶᠢᠪᠤᠰᠢᠷᠠᠭᠤᠯᠵᠤ᠂ ᠪᠠᠰᠠ ᠬᠠᠯᠠᠭᠤᠨ | ᠤᠰᠤ ᠪᠠᠷ ᠬᠦᠯ ᠢᠶᠠᠨ ᠲᠡᠪᠳᠦᠭᠡᠭᠦ ᠪᠤᠶᠤ ᠨᠢᠭᠡ ᠴᠣᠮᠣ ᠬᠠᠯᠠᠭᠤᠨ ᠰᠦ ᠤᠤᠭᠤᠵᠤ ᠪᠣᠯᠤᠨ᠎ᠠ᠂ ᠡᠨᠡ ᠨᠢ ᠪᠦᠷ | ᠤᠨᠲᠠᠯᠭ᠎ᠠ ᠳᠤ ᠬᠠᠪᠰᠤᠷᠤᠮᠵᠢ ᠪᠣᠯᠳᠠᠭ᠃ ᠲᠣᠯᠣᠭᠠᠢ ᠡᠪᠡᠳᠴᠦ ᠴᠢᠬᠢ ᠱᠤᠤᠭᠢᠬᠤ᠄ ᠦᠷᠭᠦᠯᠵᠢ ᠶᠢᠨ ᠴᠢᠨᠠᠷᠲᠠᠢ | ᠲᠣᠯᠣᠭᠠᠢ ᠡᠪᠡᠳᠬᠦ᠂ ᠴᠢᠬᠢ ᠱᠤᠤᠭᠢᠬᠤ ᠨᠢ ᠶᠡᠷᠦ ᠳᠡᠭᠡᠨ ᠪᠦᠷ ᠮᠡᠳᠡᠷᠡᠯ ᠤᠨ ᠴᠢᠨᠠᠷᠲᠠᠢ ᠪᠠᠶᠢᠲᠠᠭ᠃ ᠤᠷᠲᠤ | ᠬᠤᠭᠤᠴᠠᠭᠠᠨ ᠤ ᠶᠠᠳᠠᠷᠠᠯ ᠵᠦᠳᠡᠷᠡᠯ᠂ ᠣᠶᠤᠨ ᠰᠠᠨᠠᠭᠠᠨ ᠤ ᠳᠠᠷᠤᠯᠲᠠ ᠶᠡᠭᠡ᠂ ᠤᠨᠲᠠᠬᠤ ᠴᠠᠭ ᠬᠦᠷᠦᠯᠴᠡᠬᠦ ᠦᠭᠡᠢ᠂ | ᠨᠦᠢᠷ ᠮᠠᠭᠤᠳᠠᠬᠤ ᠵᠡᠷᠭᠡ ᠰᠢᠯᠲᠠᠭᠠᠨ ᠠᠴᠠ ᠪᠤᠯᠤᠬᠰᠠᠨ ᠪᠠᠶᠢᠲᠠᠭ ᠶᠤᠮ᠃ ᠶᠡᠷᠦᠩᠬᠡᠢ ᠳᠤᠨᠢ ᠠᠪᠴᠤ ᠬᠡᠯᠡᠪᠡᠯ᠂ | ᠬᠡᠪ ᠤᠨ ᠶᠣᠰᠣᠭᠠᠷ ᠠᠵᠢᠯᠯᠠᠵᠤ ᠠᠮᠠᠷᠠᠨ᠂ ᠢᠳᠡᠭᠡᠨ ᠤᠮᠲᠠᠭᠠᠨ ᠢᠶᠠᠨ ᠰᠠᠶᠢᠲᠦᠷ ᠲᠤᠬᠢᠷᠠᠭᠤᠯᠵᠦ᠂ ᠰᠡᠳᠭᠢᠯ | ᠰᠠᠨᠠᠭ᠎ᠠ ᠪᠠᠨ ᠪᠠᠶᠠᠰᠬᠠᠵᠦ᠂ ᠬᠠᠨᠲᠠᠯ᠎ᠠ ᠤᠨᠲᠠᠬᠤ ᠶᠢ ᠪᠠᠲᠤᠯᠠᠪᠠᠯ ᠲᠡᠭᠡᠷ᠎ᠡ ᠶᠠᠷᠢᠬᠰᠠᠨ ᠡᠳᠡᠭᠡᠷ ᠢᠯᠡᠷᠡᠯ | ᠠᠭᠠᠵᠢᠮ ᠳᠠᠭᠠᠨ ᠠᠷᠢᠯᠬᠤ ᠪᠤᠯᠤᠨ᠎ᠠ᠃ ︵︽ᠲᠤᠮᠳᠡᠳᠥ ᠤᠯᠤᠰ ᠤᠨ ᠮᠤᠩᠭᠤᠯ ᠬᠡᠯᠠᠨ ᠤ ᠰᠤᠨᠢᠨ ᠮᠠᠳᠡᠭᠡ ᠶᠢᠨ | ᠰᠥᠯᠵᠢᠶ᠎ᠠ︾ ᠠᠴᠠ︶ |