1. ᠰᠢᠨᠵᠢ ᠲᠡᠮᠳᠡᠭ ᠲᠣᠰ ᠡᠪᠡᠳᠴᠢᠨ ᠬᠡᠵᠢᠶᠡᠳᠡ ᠤᠷᠢᠳᠠᠪᠠᠷ ᠵᠢᠮᠢᠰ ᠤᠨ ᠪᠠᠷᠢᠭᠤᠯ ᠳᠡᠭᠡᠷ᠎ᠡ ᠡᠪᠡᠳᠴᠢᠨ | ᠡᠭᠦᠰᠴᠦ᠂ ᠡᠬᠢᠯᠡᠭᠡᠳ ᠤᠰᠣᠳᠤᠭᠰᠠᠨ ᠮᠠᠶ᠋ᠢᠭ ᠤᠨ ᠬᠥᠶᠦᠬᠡᠨ ᠬᠦᠷᠡᠩ ᠥᠩᠭᠡᠲᠡᠢ ᠡᠮᠬᠢ ᠵᠠᠮᠪᠠᠷᠠᠭ᠎ᠠ ᠦᠭᠡᠢ | ᠡᠪᠡᠳᠴᠢᠨ ᠤ ᠲᠣᠯᠪᠤ ᠭᠠᠷᠴᠤ᠂ ᠠᠭᠠᠵᠢᠮ ᠢᠶᠠᠷ ᠵᠢᠮᠢᠰ ᠤᠨ ᠮᠥᠬᠦᠯᠢᠭ ᠵᠦᠭ ᠲᠠᠷᠬᠠᠵᠦ ᠲᠡᠯᠡᠷᠡᠳᠡᠭ᠃ ᠵᠢᠮᠢᠰ ᠤᠨ | ᠣᠴᠣᠭᠤᠷ ᠬᠡᠰᠡᠭ ᠨᠢ ᠤᠷᠢᠲᠠᠪᠠᠷ ᠭᠦᠶᠦᠬᠡᠨ ᠬᠦᠷᠡᠩ ᠥᠩᠭᠡᠲᠡᠢ ᠪᠣᠯᠵᠤ ᠬᠤᠪᠢᠷᠠᠵᠤ ᠢᠯᠵᠠᠷᠠᠳᠠᠭ᠂ ᠳᠠᠷᠠᠭ᠎ᠠ ᠪᠠᠷ | ᠪᠥᠬᠦ ᠵᠢᠮᠢᠰ ᠨᠢ ᠬᠦᠷᠡᠩ ᠥᠩᠭᠡᠲᠡᠢ ᠪᠣᠯᠵᠤ ᠢᠯᠵᠠᠷᠠᠭᠠᠳ ᠵᠢᠮᠢᠰ ᠤᠨ ᠪᠠᠷᠢᠭᠤᠯ ᠤᠨ ᠡᠰᠢ ᠨᠢ ᠦᠬᠦᠰᠢᠷᠡᠵᠦ | ᠬᠠᠳᠠᠳᠠᠭ᠃ | ᠡᠪᠡᠳᠴᠢᠲᠡᠢ ᠵᠢᠮᠢᠰ ᠨᠢ ᠠᠭᠠᠵᠢᠮ ᠢᠶᠠᠷ ᠤᠰᠤ ᠠᠯᠳᠠᠵᠤ ᠬᠠᠲᠠᠵᠤ ᠠᠪᠴᠢᠭᠠᠳ ᠭᠦᠨ ᠬᠦᠷᠡᠩ ᠥᠩᠭᠡᠲᠡᠢ | ᠮᠣᠳᠣᠯᠢᠭ ᠵᠢᠮᠢᠰ ᠪᠣᠯᠳᠠᠭ᠂ ᠡᠪᠡᠳᠴᠢᠨ ᠨᠢ ᠬᠦᠨᠳᠦᠷᠡᠬᠦ ᠦᠶ᠎ᠡ ᠳᠤ ᠪᠥᠬᠦ ᠲᠦᠷᠦᠭᠦᠦ ᠨᠢ ᠢᠯᠴᠠᠷᠠᠳᠠᠭ᠃ | ᠮᠥᠴᠢᠷ ᠲᠤ ᠡᠪᠡᠳᠴᠢᠨ ᠡᠭᠦᠰᠬᠦ ᠨᠢ ᠶᠡᠷᠦ ᠳᠡᠭᠡᠨ ᠣᠷᠣᠢ ᠳᠠᠷᠤᠬᠤ ᠬᠡᠰᠡᠭ ᠪᠤᠶᠤ ᠮᠧᠬᠠᠨᠢᠭ ᠰᠢᠷᠬᠠᠨ ᠤ ᠬᠡᠰᠡᠭ ᠲᠤ | ᠢᠯᠡᠷᠡᠵᠦ᠂ ᠰᠢᠨ᠎ᠡ ᠮᠥᠴᠢᠷ ᠤᠨ ᠡᠪᠡᠳᠴᠢᠨ ᠤ ᠲᠣᠯᠪᠤ ᠨᠢ ᠣᠰᠤᠳᠤᠭᠰᠠᠨ ᠮᠠᠶ᠋ᠢᠭ ᠤᠨ ᠶᠠᠭᠠᠨ ᠬᠦᠷᠡᠩ ᠦᠩᠭᠡᠳᠡᠢ᠂ | ᠭᠥᠪᠡᠭᠡ ᠨᠢ ᠭᠦᠨ ᠬᠦᠷᠡᠩ ᠥᠩᠭᠡᠲᠡᠢ᠃ ᠡᠪᠡᠳᠴᠢᠨ ᠤ ᠲᠣᠯᠪᠤ ᠨᠢ ᠬᠤᠶᠠᠷ ᠦᠵᠦᠭᠦᠷ ᠵᠦᠭ ᠢᠶᠠᠨ ᠬᠥᠭᠵᠢᠬᠦ ᠨᠢ | ᠮᠠᠰᠢ ᠲᠦᠷᠭᠡᠨ ᠪᠠᠶᠢᠳᠠᠭ᠂ ᠰᠡᠭᠦᠯᠴᠢ ᠶᠢᠨ ᠬᠤᠭᠤᠴᠠᠭ᠎ᠠ ᠪᠣᠯᠪᠠᠯ ᠪᠦᠳᠡᠬᠢ ᠬᠦᠷᠡᠩ ᠥᠩᠭᠡᠲᠡᠢ ᠪᠣᠯᠵᠤ | ᠬᠤᠲᠦ᠋ᠢᠳᠠᠭ᠂ ᠥᠩᠭᠡᠨ ᠲᠠᠯ᠎ᠠ ᠳᠤᠨᠢ ᠨᠢᠭ᠋ ᠣᠷᠭᠤᠭᠰᠠᠨ ᠰᠡᠷᠡᠯ ᠥᠩᠭᠡ ᠶᠢᠨ ᠵᠢᠵᠢᠭ ᠮᠥᠬᠦᠯᠢᠭᠲᠦ ᠲᠤᠰᠤᠯ ᠲᠠᠢ᠃ | | ᠡᠪᠡᠳᠴᠢᠨ ᠤ ᠲᠣᠯᠪᠤ ᠨᠢ ᠮᠥᠴᠢᠷ ᠢ ᠨᠢᠭᠡ ᠳᠤᠭᠤᠶᠢᠯᠠᠵᠤ ᠴᠠᠭᠠᠷᠢᠭᠯᠠᠬᠤ ᠦᠶ᠎ᠡ ᠳᠤ᠂ ᠲᠡᠭᠦᠨ ᠤ ᠳᠡᠭᠡᠷᠡᠬᠢ | ᠬᠡᠰᠡᠭ ᠤᠨ ᠨᠠᠪᠴᠢᠨ ᠢᠯᠳᠠᠰᠤ ᠨᠢ ᠥᠭᠦᠰᠢᠷᠡᠨ ᠰᠢᠷᠡᠯᠡᠵᠦ ᠤᠯᠠᠮ ᠢᠶᠠᠷ ᠬᠠᠲᠠᠵᠤ ᠦᠬᠦᠳᠡᠭ᠃ ᠰᠡᠭᠦᠯᠴᠢ ᠶᠢᠨ | ᠬᠤᠭᠤᠴᠠᠭᠠᠨ ᠳᠤ ᠪᠣᠯᠪᠠᠯ ᠡᠪᠡᠳᠴᠢᠳᠠᠢ ᠬᠠᠯᠢᠰᠤ ᠨᠢ ᠬᠡᠵᠢᠶᠡᠳᠡ ᠰᠢᠷᠬᠡᠭ ᠬᠡᠯᠪᠡᠷᠢᠲᠡᠢ ᠭᠤᠯᠲᠤ ᠪᠠᠷ ᠬᠠᠭᠠᠷᠠᠵᠤ᠂ | ᠮᠣᠳᠣᠯᠢᠭ ᠬᠡᠰᠡᠭ ᠨᠢ ᠰᠠᠯᠵᠤ ᠭᠠᠷᠳᠠᠭ᠃ ᠨᠡᠪᠴᠢᠨ ᠢᠯᠳᠠᠰᠤᠨ ᠳᠤ ᠡᠪᠡᠳᠴᠢᠨ ᠬᠠᠯᠳᠠᠪᠤᠷᠢᠯᠠᠪᠠᠯ ᠤᠷᠢᠲᠠᠪᠠᠷ | ᠨᠡᠪᠴᠢᠨ ᠤ ᠦᠵᠦᠭᠦᠷ᠂ ᠨᠡᠪᠴᠢᠨ ᠬᠥᠪᠡᠭᠡ ᠠᠴᠠ ᠡᠬᠢᠯᠡᠵᠦ ᠨᠡᠪᠴᠢᠨ ᠤ ᠬᠥᠪᠡᠭᠡ ᠳᠡᠭᠡᠷ᠎ᠡ ᠨᠢ ᠰᠢᠷ᠎ᠠ ᠬᠦᠷᠡᠩ | ᠥᠩᠭᠡᠲᠡᠢ ᠡᠪᠡᠳᠴᠢᠨ ᠤ ᠲᠣᠯᠪᠤ ᠡᠭᠦᠰᠴᠦ᠂ ᠢᠷᠮᠡᠭ ᠨᠢ ᠤᠰᠤᠳᠤᠭᠰᠠᠨ ᠮᠠᠶ᠋ᠢᠭᠳᠠᠢ᠂ ᠡᠨᠡ ᠨᠢ ᠢᠳᠡᠭ ᠢᠳᠡᠭ ᠢᠶᠠᠷ | ᠨᠡᠪᠴᠢᠨ ᠢᠯᠲᠡᠰᠦ ᠶᠢᠨ ᠲᠥᠪ ᠬᠡᠰᠡᠭ ᠤᠷᠤᠭᠤ ᠬᠥᠭᠵᠢᠵᠦ᠂ ᠲᠣᠮᠣ ᠬᠡᠯᠪᠡᠷᠢ ᠶᠢᠨ ᠲᠤᠭᠤᠷᠢᠭᠯᠢᠭ ᠬᠡᠯᠪᠡᠷᠢᠲᠡᠢ | ᠭᠦᠶᠦᠬᠡᠨ ᠬᠦᠷᠡᠩ ᠥᠩᠭᠡ ᠶᠢᠨ ᠡᠪᠡᠳᠴᠢᠨ ᠤ ᠲᠣᠯᠪᠤ ᠪᠦᠷᠢᠯᠳᠦᠵᠦ᠂ ᠢᠢᠯᠡᠷᠬᠡᠢ ᠪᠤᠰᠤ ᠨᠢᠭᠡ ᠭᠤᠯᠲᠤ ᠴᠠᠭᠠᠷᠢᠭ | ᠨᠠᠷ ᠲᠠᠢ᠃ ᠡᠪᠡᠳᠴᠢᠲᠡᠢ ᠨᠡᠪᠴᠢᠨ ᠳᠡᠭᠡᠷ᠎ᠡ ᠪᠠᠰᠠ ᠰᠡᠷᠡᠯ ᠥᠩᠭᠡ ᠶᠢᠨ ᠵᠢᠵᠢᠭ ᠮᠥᠬᠦᠯᠢᠭᠲᠦ ᠲᠤᠰᠣᠯ ᠲᠠᠢ᠂ | ᠡᠨᠡ ᠨᠢ ᠨᠡᠪᠴᠢᠨ ᠤ ᠭᠥᠪᠡᠭᠡ ᠪᠠᠷ ᠠᠷᠪᠢᠨ ᠪᠠᠶᠢᠳᠠᠭ᠃ ᠡᠪᠡᠳᠴᠢᠲᠡᠢ ᠨᠡᠭᠡᠳᠡᠰᠦ ᠨᠢ ᠬᠠᠲᠠᠵᠤ ᠦᠬᠦᠰᠢᠷᠡᠭᠰᠡᠨ ᠤ | ᠳᠠᠷᠠᠭ᠎ᠠ ᠠᠮᠠᠷᠬᠠᠨ ᠬᠠᠭᠠᠷᠠᠯ ᠡᠭᠦᠰᠳᠡᠭ᠃ | 2. ᠰᠡᠷᠭᠡᠶᠢᠯᠡᠨ ᠵᠠᠰᠠᠬᠤ ᠠᠷᠭ᠎ᠠ | ︵1︶ ᠣᠷᠭᠤᠴᠠ ᠶᠢᠨ ᠤᠯᠠᠷᠢᠯ ᠳᠤ ᠡᠪᠡᠳᠴᠢᠲᠡᠢ ᠵᠢᠮᠢᠰ᠂ ᠡᠪᠡᠳᠴᠢᠲᠡᠢ ᠨᠡᠪᠴᠢ᠂ ᠡᠪᠡᠳᠴᠢᠲᠡᠢ | ᠤᠷᠢᠶᠠᠩᠭᠤ ᠶᠢ ᠨᠢ ᠬᠠᠶᠢᠴᠢᠯᠠᠨ ᠠᠪᠴᠤ ᠴᠡᠪᠡᠷᠯᠡᠵᠦ ᠠᠷᠢᠯᠭᠠᠨ᠎ᠠ᠂ ᠨᠠᠮᠤᠷ ᠤᠨ ᠤᠯᠠᠷᠢᠯ ᠳᠤ ᠨᠡᠪᠴᠢ | ᠵᠤᠯᠭᠠᠷᠠᠭᠰᠠᠨ ᠤ ᠳᠠᠷᠠᠭ᠎ᠠ ᠵᠢᠮᠢᠰ ᠤᠨ ᠬᠦᠷᠢᠶᠡᠯᠡᠩ ᠢᠶᠠᠨ ᠴᠡᠪᠡᠷᠯᠡᠨ ᠠᠷᠢᠯᠭᠠᠵᠤ᠂ ᠡᠪᠡᠳᠴᠢᠲᠡᠢ ᠦᠯᠡᠳᠡᠭᠳᠡᠯ | ᠪᠣᠳᠠᠰ ᠢ ᠨᠢ ᠴᠤᠭᠯᠠᠭᠤᠯᠵᠤ ᠰᠢᠳᠠᠭᠠᠨ᠎ᠠ᠃ | ︵2︶ ᠵᠢᠮᠢᠰ ᠰᠠᠭᠤᠬᠤ ᠬᠡᠰᠡᠭ ᠢ ᠨᠢ ᠳᠡᠭᠡᠭᠰᠢᠯᠡᠭᠦᠯᠵᠦ᠂ ᠬᠥᠷᠥᠰᠥ ᠰᠢᠷᠣᠢ ᠶᠢᠨ ᠡᠪᠡᠳᠴᠢᠨ ᠤ ᠪᠠᠺᠲ᠋ᠧᠷᠢ | ᠬᠠᠯᠳᠠᠵᠤ ᠬᠠᠯᠳᠠᠪᠤᠷᠢᠯᠠᠬᠤ ᠶᠢ ᠪᠠᠭᠠᠰᠠᠬᠠᠨ᠎ᠠ᠃ | ︵3︶ ᠵᠣᠨ ᠤ ᠤᠯᠠᠷᠢᠯ ᠳᠤ ᠴᠠᠭ ᠲᠤᠬᠠᠢ ᠳᠤᠨᠢ ᠬᠠᠶᠢᠴᠢᠯᠠᠨ ᠵᠠᠰᠠᠵᠤ᠂ ᠨᠡᠪᠴᠢ ᠤᠷᠢᠶᠠᠩᠭᠤ ᠶᠢᠨ | ᠬᠤᠭᠤᠷᠣᠨᠳᠤ ᠰᠠᠯᠬᠢ ᠨᠡᠪᠲᠠᠷᠠᠵᠤ ᠭᠡᠷᠡᠯ ᠲᠣᠰᠬᠤ ᠨᠢ ᠰᠠᠶᠢᠨ ᠪᠠᠶᠢᠬᠤ ᠶᠢ ᠪᠠᠳᠤᠯᠠᠬᠤ ᠬᠡᠷᠡᠭᠲᠡᠢ᠃ | ︵4︶ ᠡᠪᠡᠳᠴᠡᠨ ᠡᠭᠦᠰᠬᠦ ᠠᠴᠠ ᠡᠮᠦᠨ᠎ᠡ ᠵᠢᠶᠠᠰᠠᠨ ᠤ ᠳᠣᠣᠷ᠎ᠠ ᠨᠢ ᠡᠮ ᠰᠠᠴᠤᠵᠤ ᠪᠠᠺᠲ᠋ᠧᠷᠢ ᠶᠢ | ᠤᠰᠠᠳᠬᠠᠨ᠎ᠠ᠃ ᠡᠭᠦᠨ ᠳᠤ ᠬᠤᠣᠰ ᠹᠧᠷᠮᠠᠨ 1 ᠬᠤᠪᠢ᠂ ᠬᠥᠬᠦᠷ ᠤᠨ ᠲᠠᠯᠬ᠎ᠠ 1 ᠬᠤᠪᠢ᠂ ᠨᠡᠭᠦᠷᠡᠰᠦ | ᠬᠦᠴᠢᠯ ᠤᠨ ᠺᠠᠯᠼ 2 ᠬᠤᠪᠢ᠂ ᠡᠲᠡᠭᠡᠷ ᠢ ᠵᠢᠭᠳᠡ ᠬᠤᠯᠢᠵᠤ ᠨᠡᠶᠢᠯᠡᠭᠦᠯᠦᠭᠡᠳ ᠡᠾᠧᠺᠲ᠋ᠠᠷ ᠪᠦᠷᠢ ᠳᠤ 15~30 | ᠭᠢᠯᠣᠭ᠍ᠷᠡᠮ ᠬᠤᠯᠢᠵᠤ ᠨᠡᠶᠢᠯᠡᠭᠦᠯᠦᠭᠰᠡᠨ ᠡᠮ ᠤᠨ ᠲᠠᠯᠬ᠎ᠠ ᠰᠠᠴᠤᠵᠤ ᠣᠷᠣᠭᠤᠯᠤᠨ᠎ᠠ᠃ | ︵5︶ ᠡᠮ ᠰᠦᠷᠴᠢᠵᠦ ᠬᠠᠮᠠᠭᠠᠯᠠᠨ᠎ᠠ᠃ ᠠᠩᠬ᠎ᠠ ᠡᠪᠡᠳᠴᠢᠨ ᠡᠭᠦᠰᠦᠭᠰᠡᠨ ᠦᠶ᠎ᠡ ᠳᠤ ᠡᠬᠢᠯᠡᠵᠦ ᠡᠮ | ᠰᠦᠷᠴᠢᠨ᠎ᠡ᠂ ᠢᠩᠭᠢᠭᠡᠳ 10 — 15 ᠡᠲᠦᠷ ᠲᠤ 1 ᠤᠳᠠᠭ᠎ᠠ ᠰᠦᠷᠴᠢᠵᠦ᠂ ᠨᠡᠶᠢᠲᠡ 3 — 5 ᠤᠳᠠᠭ᠎ᠠ | ᠰᠦᠷᠴᠢᠨ᠎ᠡ᠃ ᠦᠵᠦᠮ ᠤᠨ ᠴᠠᠶᠢᠷᠠᠵᠤ ᠢᠯᠵᠠᠷᠠᠬᠤ ᠡᠪᠡᠳᠴᠢᠨ ᠢ ᠰᠡᠷᠭᠡᠶᠢᠯᠡᠨ ᠵᠠᠰᠠᠬᠤ ᠦᠢᠯᠡᠳᠦᠯ ᠲᠠᠢ ᠡᠮ ᠪᠣᠯ | 50% ᠶᠢᠨ ᠬᠤᠣᠰ ᠹᠧᠷᠮᠠ ᠶᠢᠨ ᠴᠢᠭᠢᠭᠳᠦᠮᠡᠭᠡᠢ ᠳᠠᠯᠬ᠎ᠠ 500 ~ 800 ᠲᠠᠬᠢᠨ ᠤ ᠠᠭᠤᠰᠤᠮᠠᠯ᠃ | 70% ᠶᠢᠨ ᠳ᠋ᠢᠼᠠᠨ ᠮᠠᠩᠭᠠᠨᠲᠤ ᠴᠠᠶᠢᠷ ᠤᠨ ᠴᠢᠭᠢᠭᠳᠦᠮᠡᠭᠡᠢ ᠳᠠᠯᠬ᠎ᠠ 600~800 ᠲᠠᠬᠢᠨ ᠠᠭᠤᠰᠤᠮᠠᠯ᠃ | 50% ᠶᠢᠨ ᠲᠦᠢ ᠵᠢᠶᠦ᠋ᠨ ᠲᠧ ᠴᠢᠭᠢᠭᠳᠦᠮᠡᠭᠡᠢ ᠲᠠᠯᠬ᠎ᠠ 800~1000 ᠲᠠᠬᠢᠨ ᠠᠭᠤᠰᠤᠮᠠᠯ ᠵᠡᠷᠭᠡ ᠪᠤᠢ᠃ |