11 ᠰᠠᠷ᠎ᠠ ᠶᠢᠨ 15 ᠤ ᠡᠳᠦᠷ᠂ ᠬᠤᠲᠠ ᠶᠢᠨ ᠶᠡᠭᠡ ᠪᠠᠶᠢᠩᠭᠤ ᠶᠢᠨ ᠬᠤᠷᠢᠶ᠎ᠠ ᠮᠠᠨ ᠤ ᠬᠤᠲᠠ ᠶᠢᠨ | ᠬᠤᠲᠠ ᠶᠢᠨ ᠤᠰᠤ ᠬᠠᠩᠭᠠᠬᠤ ᠵᠢᠴᠢ ᠤᠰᠤᠨ ᠤ ᠴᠢᠨᠠᠷ ᠤᠨ ᠠᠮᠤᠷ ᠲᠦᠪᠰᠢᠨ ᠢ ᠪᠠᠲᠤᠯᠠᠭᠰᠠᠨ ᠪᠠᠶᠢᠳᠠᠯ ᠳᠤ | ᠪᠠᠶᠢᠴᠠᠭᠠᠨ ᠰᠤᠳᠤᠯᠤᠯᠲᠠ ᠬᠢᠵᠦ᠂ ᠬᠤᠲᠠ ᠶᠢᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶᠠᠨ ᠤ ᠡᠷᠬᠢᠯᠡᠭᠴᠢ ᠪᠠᠶ ᠬᠤᠸᠠ᠂ ᠬᠤᠲᠠ ᠶᠢᠨ ᠠᠷᠠᠳ ᠤᠨ ᠲᠥᠯᠥᠭᠡᠯᠡᠭᠴᠢᠳ ᠤᠨ ᠶᠡᠭᠡ | ᠬᠤᠷᠠᠯ ᠤᠨ ᠪᠠᠶᠢᠩᠭᠤ ᠶᠢᠨ ᠬᠤᠷᠢᠶᠠᠨ ᠤ ᠳᠡᠳ᠋ ᠡᠷᠬᠢᠯᠡᠭᠴᠢ ᠭᠤᠤ ᠶᠢᠨ ᡁᠢ᠂ ᠯᠢᠦᠶ ᠹᠧᠩ ᠮᠢᠨ᠂ ᠴᠠᠢ ᠭᠦᠸᠧ | ᠴᠦᠨ᠂ ᠸᠠᠩ ᠮᠢᠨ᠂ ᠬᠤᠲᠠ ᠶᠢᠨ ᠵᠠᠰᠠᠭ ᠤᠨ ᠣᠷᠳᠣᠨ ᠤ ᠳᠡᠳ᠋ ᠬᠤᠲᠠ ᠶᠢᠨ ᠳᠠᠷᠤᠭ᠎ᠠ ᠰᠦᠨ ᠸᠧᠶ ᠨᠠᠨ ᠵᠢᠴᠢ | ᠬᠤᠲᠠ ᠶᠢᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ᠂ | ᠤᠰᠤᠨ ᠤ ᠶᠠᠪᠤᠳᠠᠯ ᠤᠨ ᠲᠣᠪᠴᠢᠶ᠎ᠠ᠂ ᠴᠧᠩ ᠹᠠ ᠪᠦᠯᠦᠭᠯᠡᠯ᠂ ᠲᠦᠭᠡᠭᠡᠯ ᠤᠰᠤᠨ ᠤ ᠺᠣᠮᠫᠠᠨᠢ ᠵᠡᠷᠭᠡ ᠬᠠᠮᠢᠶ᠎ᠠ | ᠪᠥᠬᠦᠶ ᠨᠢᠭᠡᠴᠡ ᠶᠢᠨ ᠬᠠᠷᠢᠭᠤᠴᠠᠯᠭᠠᠲᠠᠨ ᠪᠠᠷ᠎ᠠ ᠪᠣᠯᠵᠣ ᠪᠠᠶᠢᠴᠠᠭᠠᠨ ᠰᠤᠳᠤᠯᠤᠯᠲᠠ ᠬᠢᠭᠰᠡᠨ ᠪᠤᠶᠤ ᠶᠠᠷᠢᠯᠴᠠᠬᠤ | ᠬᠤᠷᠠᠯ ᠳᠤ ᠣᠷᠣᠯᠴᠠᠪᠠ᠃ | ᠪᠠᠶ ᠬᠤᠸᠠ ᠬᠠᠮᠲᠤ ᠶᠠᠪᠣᠭᠰᠠᠳ ᠲᠠᠢ ᠪᠠᠨ ᠤᠷᠢᠳ ᠬᠤᠵᠢᠳ ᠭᠤᠷᠪᠠᠳᠤᠭᠠᠷ ᠪᠤᠯᠠᠭ ᠤᠰᠤᠨ ᠤ ᠦᠢᠯᠡᠳᠪᠦᠷᠢ | ᠂ ᠲᠦᠭᠡᠭᠡᠯ ᠤᠰᠤᠨ ᠤ ᠺᠣᠮᠫᠠᠨᠢ ᠶᠢᠨ ᠲᠣᠬᠢᠷᠠᠭᠤᠯᠬᠤ ᠲᠠᠰᠤᠭ᠂ ᠮᠤ᠋ ᠯᠢᠩ ᠴᠡᠴᠡᠷᠯᠢᠭ ᠤᠨ ᠭᠠᠳᠠᠨ᠎ᠠ ᠬᠤᠶᠠᠳᠠᠬᠢ | ᠳᠠᠷᠤᠯᠲᠠᠲᠤ ᠬᠥᠭᠡᠷᠭᠡ ᠶᠢᠨ ᠭᠡᠷ ᠵᠡᠷᠭᠡ ᠭᠠᠵᠠᠷ ᠢᠶᠠᠷ ᠭᠦᠨᠵᠡᠭᠡᠶᠢᠷᠡᠵᠦ᠂ ᠬᠤᠲᠠ ᠶᠢᠨ ᠲᠣᠭᠤᠷᠢᠭ ᠤᠨ ᠤᠰᠤ | ᠬᠠᠩᠭᠠᠬᠤ ᠪᠠᠲᠤᠯᠠᠭ᠎ᠠ᠂ ᠤᠰᠤᠨ ᠤ ᠴᠢᠨᠠᠷ ᠤᠨ ᠠᠮᠤᠷ ᠲᠦᠪᠰᠢᠨ ᠤ ᠬᠢᠨᠠᠨ ᠬᠡᠮᠵᠢᠯᠲᠡ᠂ ᠤᠰᠤᠨ ᠤ ᠡᠬᠢ | ᠰᠤᠷᠪᠤᠯᠵᠢ ᠶᠢᠨ ᠭᠠᠵᠠᠷ ᠤᠨ ᠬᠠᠮᠠᠭᠠᠯᠠᠯᠲᠠ᠂ ᠤᠰᠤ ᠬᠠᠩᠭᠠᠬᠤ ᠬᠤᠭᠤᠯᠠᠶ ᠶᠢᠨ ᠲᠣᠤᠷ ᠤᠨ ᠬᠠᠮᠠᠭᠠᠯᠠᠯᠲᠠ | ᠥᠭᠡᠷᠡᠴᠢᠯᠡᠯᠲᠡ ᠵᠡᠷᠭᠡ ᠪᠠᠶᠢᠳᠠᠯ ᠢ ᠲᠤᠬᠠᠶ ᠶᠢᠨ ᠭᠠᠵᠠᠷ ᠲᠤᠨᠢ ᠣᠶᠢᠯᠠᠭᠠᠪᠠ᠃ ᠳᠠᠷᠠᠭ᠎ᠠ ᠨᠢ ᠬᠤᠷᠠᠯᠳᠤᠭᠤᠯᠤᠭᠰᠠᠨ | ᠶᠠᠷᠢᠯᠴᠠᠬᠤ ᠬᠤᠷᠠᠯ ᠳᠡᠭᠡᠷ᠎ᠡ᠂ ᠴᠧᠩ ᠹᠠ ᠪᠦᠯᠦᠭᠯᠡᠯ᠂ ᠲᠦᠭᠡᠭᠡᠯ ᠤᠰᠤᠨ ᠤ ᠺᠣᠮᠫᠠᠨᠢ ᠵᠡᠷᠭᠡ ᠰᠠᠯᠠᠭ᠎ᠠ ᠮᠥᠴᠢᠷ ᠤᠨ | ᠪᠠᠶᠢᠳᠠᠯ ᠤᠨ ᠬᠠᠷᠢᠭᠤ ᠮᠡᠳᠡᠭᠦᠯᠦᠯᠲᠡ ᠶᠢ ᠲᠣᠰ ᠲᠣᠰ ᠰᠣᠨᠣᠰᠴᠤ᠂ ᠮᠠᠨ ᠤ ᠬᠤᠲᠠ ᠶᠢᠨ ᠤᠰᠤ ᠬᠠᠩᠭᠠᠬᠤ | ᠬᠠᠮᠢᠶᠠᠷᠤᠯᠲᠠ ᠪᠠ ᠤᠰᠤᠨ ᠤ ᠴᠢᠨᠠᠷ ᠤᠨ ᠠᠮᠤᠷ ᠲᠦᠪᠰᠢᠨ ᠤ ᠪᠠᠲᠤᠯᠠᠭ᠎ᠠ ᠶᠢᠨ ᠠᠵᠢᠯ ᠤᠨ ᠳᠤᠮᠳᠠ ᠣᠷᠣᠰᠢᠵᠤ | ᠪᠠᠶᠢᠭ᠎ᠠ ᠠᠰᠠᠭᠤᠳᠠᠯ ᠪᠠ ᠬᠦᠴᠢᠷᠳᠡᠯ ᠢ ᠭᠦᠨᠵᠡᠭᠡᠶ ᠣᠶᠢᠯᠠᠭᠠᠵᠤ᠂ ᠬᠤᠷᠠᠯ ᠳᠤ ᠣᠷᠣᠯᠴᠠᠭᠰᠠᠳ ᠬᠠᠨᠳᠤᠯᠭᠠᠲᠤ | ᠴᠢᠨᠠᠷᠲᠠᠶ ᠰᠠᠨᠠᠯ ᠰᠠᠨᠠᠭᠤᠯᠭ᠎ᠠ ᠳᠤᠷᠠᠳᠪᠠ᠃ | ᠪᠠᠶ ᠬᠤᠸᠠ ᠵᠢᠭᠠᠵᠤ ᠭᠠᠷᠭᠠᠭᠰᠠᠨ ᠨᠢ᠂ ᠤᠤᠭᠤᠬᠤ ᠤᠰᠤᠨ ᠤ ᠠᠮᠤᠷ ᠲᠦᠪᠰᠢᠨ ᠪᠣᠯ ᠠᠷᠠᠳ ᠣᠯᠠᠨ ᠤ ᠪᠡᠶ᠎ᠡ | ᠰᠡᠳᠬᠢᠯ ᠤᠨ ᠡᠷᠡᠭᠦᠯ ᠮᠡᠨᠳᠦ ᠪᠠ ᠨᠡᠶᠢᠭᠡᠮ ᠤᠨ ᠠᠵᠤ ᠠᠬᠤᠢ ᠶᠢᠨ ᠬᠥᠭᠵᠢᠯᠲᠡ ᠳᠤ ᠬᠤᠯᠪᠣᠭᠳᠠᠬᠤ ᠠᠷᠠᠳ ᠤᠨ | ᠠᠮᠢᠳᠤᠷᠠᠯ ᠤᠨ ᠢᠨᠵᠧᠨᠧᠷᠢᠩ ᠮᠥᠨ᠃ ᠡᠯ᠎ᠡ ᠬᠠᠮᠢᠶ᠎ᠠ ᠪᠦᠬᠦᠢ ᠰᠠᠯᠠᠭ᠎ᠠ ᠮᠥᠴᠢᠷ ᠤᠨ ᠬᠢᠨ ᠵᠣᠭᠰᠣᠴᠠ ᠪᠠᠨ | ᠳᠡᠭᠡᠭᠰᠢᠯᠡᠭᠦᠯᠵᠦ᠂ ᠤᠯᠠᠨ ᠵᠦᠢᠯ ᠤᠨ ᠠᠷᠭ᠎ᠠ ᠬᠡᠮᠵᠢᠶ᠎ᠡ ᠶᠢ ᠵᠡᠷᠭᠡᠪᠡᠷ ᠬᠡᠷᠡᠭᠯᠡᠵᠦ᠂ ᠤᠰᠤ ᠬᠠᠩᠭᠠᠬᠤ ᠠᠵᠢᠯ ᠤᠨ | ᠲᠣᠭᠲᠠᠴᠠ ᠶᠢ ᠦᠷᠭᠦᠯᠵᠢᠯᠡᠨ ᠰᠢᠯᠢᠳᠡᠭᠵᠢᠭᠦᠯᠵᠦ᠂ ᠤᠰᠤᠨ ᠤ ᠬᠡᠮᠵᠢᠶ᠎ᠡ ᠭᠦᠢᠴᠡᠳ᠂ ᠤᠰᠤᠨ ᠤ ᠴᠢᠨᠠᠷ ᠰᠠᠶᠢᠨ᠂ | ᠤᠰᠤᠨ ᠤ ᠳᠠᠷᠤᠯᠲᠠ ᠲᠣᠭᠲᠠᠭᠤᠨ ᠪᠠᠶᠢᠬᠤ ᠶᠢ ᠪᠠᠲᠤᠯᠠᠵᠤ᠂ ᠠᠷᠠᠳ ᠤᠯᠠᠨ ᠤ ᠤᠤᠭᠤᠬᠤ ᠤᠰᠤᠨ ᠤ ᠠᠮᠤᠷ | ᠲᠦᠪᠰᠢᠨ ᠢ ᠪᠦᠬᠦ ᠬᠦᠴᠦᠨ ᠢᠶᠠᠷ ᠢᠶᠠᠨ ᠪᠠᠲᠤᠯᠠᠬᠤ ᠬᠡᠷᠡᠭᠲᠡᠢ︔ ᠳᠠᠪᠠᠭᠤᠯᠢᠭ ᠢᠶᠠᠨ ᠵᠤᠵᠠᠭᠠᠳᠬᠠᠵᠤ᠂ ᠶᠡᠭᠡ | ᠲᠠᠯ᠎ᠠ ᠶᠢ ᠪᠣᠳᠣᠯᠬᠢᠯᠠᠨ᠂ ᠪᠡᠯᠡ ᠮᠥᠩᠭᠦ ᠶᠢᠨ ᠪᠠᠲᠤᠯᠠᠭ᠎ᠠ ᠶᠢᠨ ᠡᠷᠴᠢᠮ ᠢᠶᠠᠨ ᠴᠢᠩᠭᠠᠷᠠᠭᠤᠯᠵᠤ᠂ ᠤᠰᠤᠨ ᠤ ᠴᠢᠨᠠᠷ | ᠴᠢᠨᠰᠠᠭ᠎ᠠ ᠶᠢᠨ ᠳᠡᠭᠡᠭᠰᠢᠯᠡᠯᠲᠡ ᠶᠢ ᠲᠠᠬᠢᠨ ᠰᠢᠨ᠎ᠡ ᠳᠡᠭᠲᠡᠷ ᠲᠤ ᠭᠠᠷᠭᠠᠬᠤ ᠶᠢ ᠤᠯᠠᠮ ᠨᠢᠭᠡ ᠠᠯᠬᠤᠮ ᠠᠬᠢᠭᠤᠯᠬᠤ | ᠬᠡᠷᠡᠭᠲᠡᠢ︔ ᠨᠢᠭᠡᠳᠦᠯᠲᠡᠢ ᠲᠥᠯᠥᠪᠵᠢᠭᠦᠯᠦᠨ ᠰᠦᠪᠡᠭᠴᠢᠯᠡᠵᠦ᠂ ᠠᠯᠬᠤᠮ ᠬᠤᠪᠢᠶᠠᠨ ᠠᠬᠢᠭᠤᠯᠵᠤ᠂ ᠮᠠᠨ ᠤ | ᠬᠤᠲᠠ ᠶᠢᠨ ᠤᠰᠤ ᠬᠡᠷᠡᠭᠯᠡᠬᠦ ︽ᠴᠢᠨᠠᠷ︾ ᠤᠨ ᠰᠢᠪᠲᠤᠯᠤᠯᠲᠠ ᠶᠢ ᠴᠢᠷᠮᠠᠶᠢᠨ ᠪᠡᠶᠡᠯᠡᠭᠦᠯᠵᠦ᠂ ᠠᠷᠠᠳ ᠤᠨ | ᠠᠮᠢᠳᠤᠷᠠᠯ ᠢ ᠰᠠᠶᠢᠵᠢᠷᠠᠭᠤᠯᠬᠤ ᠳᠤ ᠨᠡᠩ ᠶᠡᠭᠡ ᠬᠤᠪᠢ ᠨᠡᠮᠡᠷᠢ ᠦᠵᠡᠭᠦᠯᠬᠦ ᠬᠡᠷᠡᠭᠲᠡᠢ ᠭᠡᠵᠦ ᠵᠢᠭᠠᠵᠤ ᠭᠠᠷᠭᠠᠪᠠ᠃ |