ᠨᠢᠰᠬᠡᠯ ᠳᠡᠭᠡᠷ᠎ᠡ 5G ᠰᠦᠯᠵᠢᠶ᠎ᠡ ᠬᠡᠷᠡᠭᠯᠡᠵᠦ ᠪᠣᠯᠬᠤ ᠪᠣᠯᠣᠨ᠎ᠠ
ᠨᠡᠶᠢᠲᠡᠯᠡᠭᠰᠡᠨ ᠴᠠᠭ᠄
2023/12/14
    ᠠᠵᠤ ᠦᠢᠯᠡᠳᠪᠦᠷᠢ ᠪᠠ ᠴᠢᠮᠡᠭᠡ ᠵᠠᠩᠭᠢᠵᠢᠯᠲᠠ ᠶᠢᠨ ᠶᠠᠮᠤᠨ ᠣᠶᠢᠷ᠎ᠠ ᠳᠤ ᠭᠤᠶᠤᠴᠢᠯᠠᠯ ᠶᠣᠰᠣᠭᠠᠷ ᠳᠤᠮᠳᠠᠳᠤ ᠤᠯᠤᠰ ᠤᠨ ᠰᠢᠯᠵᠢᠮᠡᠯ ᠮᠡᠳᠡᠭᠡ  ᠬᠤᠯᠪᠣᠭᠠᠨ ᠤ ᠺᠣᠮᠫᠠᠨᠢ ᠶᠢᠨ 4.9 GHz ᠶᠢᠨ ᠬᠡᠰᠡᠭ 5G ᠰᠦᠯᠵᠢᠶ᠎ᠡ ᠶᠢᠨ ᠡᠬᠢ ᠪᠠᠶᠠᠯᠢᠭ ᠢ ᠬᠡᠷᠡᠭᠯᠡᠨ᠂ ᠤᠯᠤᠰ ᠤᠨ ᠳᠣᠲᠣᠭᠠᠳᠤ ᠶᠢᠨ ᠬᠤᠯᠪᠣᠭᠳᠠᠯ ᠪᠦᠬᠦᠢ  ᠮᠤᠵᠢ ᠣᠷᠣᠨ ᠳᠤ 5G ᠶᠢᠨ ᠭᠠᠵᠠᠷ ᠪᠠ ᠠᠭᠠᠷ ᠤᠨ ᠮᠡᠳᠡᠭᠡ ᠬᠤᠯᠪᠣᠭᠠᠨ ᠤ ᠮᠡᠷᠭᠡᠵᠢᠯ ᠤᠨ ᠲᠤᠷᠰᠢᠯᠲᠠ ᠬᠢᠬᠦ ᠶᠢ ᠴᠣᠬᠤᠯᠠᠪᠤᠷᠢᠯᠠᠨ ᠬᠠᠷᠢᠭᠤᠯᠪᠠ᠃  5G-ATG ᠨᠢ 5G ᠶᠢᠨ ᠣᠯᠠᠨ ᠨᠡᠶᠢᠲᠡ ᠶᠢᠨ ᠰᠢᠯᠵᠢᠮᠡᠯ ᠮᠡᠳᠡᠭᠡ ᠬᠤᠯᠪᠣᠭᠠᠨ ᠤ ᠮᠡᠷᠭᠡᠵᠢᠯ ᠳᠤ ᠰᠠᠭᠤᠷᠢᠯᠠᠨ᠂ ᠨᠢᠰᠬᠡᠯ ᠤᠨ ᠠᠶᠠᠯᠠᠯ ᠤᠨ ᠱᠤᠭᠤᠮ ᠳᠠᠭᠠᠤ  ᠣᠯᠠᠨ ᠤᠯᠤᠰ ᠤᠨ ᠳᠦᠷᠢᠮ ᠪᠠ ᠤᠯᠤᠰ ᠤᠨ ᠳᠣᠲᠣᠭᠠᠳᠤ ᠶᠢᠨ ᠲᠣᠭᠲᠠᠭᠠᠯ ᠳᠤ ᠨᠡᠶᠢᠴᠡᠬᠦ ᠣᠨᠴᠠᠭᠠᠶ ᠰᠠᠭᠤᠷᠢ ᠥᠷᠲᠡᠭᠡ ᠪᠠ ᠪᠠᠭᠴᠠᠲᠤ ᠬᠡᠯᠪᠡᠷᠢ ᠶᠢᠨ  ᠳᠣᠯᠭᠢᠶᠠᠨ ᠤ ᠠᠨᠲ᠋ᠢᠨ᠎ᠠ ᠶᠢ ᠪᠠᠶᠢᠷᠢᠯᠠᠭᠤᠯᠵᠤ᠂ ᠭᠠᠵᠠᠷ ᠳᠡᠭᠡᠷᠡᠬᠢ ᠪᠠ ᠨᠢᠰᠬᠡᠯ ᠤᠨ ᠥᠷᠥᠭᠡᠨ ᠤ ᠬᠤᠭᠤᠷᠣᠨᠳᠤ ᠭᠠᠵᠠᠷ ᠳᠡᠭᠡᠷᠡᠬᠢ ᠪᠠ ᠠᠭᠠᠷ ᠤᠨ ᠮᠡᠳᠡᠭᠡ  ᠬᠤᠯᠪᠣᠭᠠᠨ ᠤ ᠵᠠᠮ ᠱᠤᠭᠤᠮ ᠪᠠᠶᠢᠭᠤᠯᠵᠤ᠂ ᠠᠶᠠᠨᠴᠢᠳ ᠢ ᠨᠢᠰᠬᠡᠯ ᠳᠤ ᠰᠠᠭᠤᠭᠰᠠᠨ ᠴᠤ wifi ᠰᠦᠯᠵᠢᠶ᠎ᠡ ᠳᠤ ᠬᠤᠯᠪᠣᠭᠳᠠᠵᠤ ᠢᠨᠲ᠋ᠧᠷ ᠰᠦᠯᠵᠢᠶ᠎ᠡ ᠶᠢ  ᠠᠰᠢᠭᠯᠠᠵᠤ ᠳᠡᠶᠢᠯᠬᠦ ᠪᠣᠯᠭᠠᠬᠤ ᠶᠤᠮ ᠪᠠᠶᠢᠨ᠎ᠠ᠃
 
ᠢᠷᠡᠯᠲᠡ᠄ ᠬᠤᠤᠯᠢᠩᠭᠤᠤᠯ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号