ᠵᠠᠯᠠᠭᠤ ᠪᠠᠶᠢᠬᠤ ᠶᠢᠨ ᠲᠤᠯᠠᠳᠠ ᠪᠠᠷᠢᠮᠲᠠᠯᠠᠬᠤ ᠳᠠᠳᠬᠠᠯ ᠤᠳ
ᠨᠡᠶᠢᠲᠡᠯᠡᠭᠰᠡᠨ ᠴᠠᠭ᠄
2023/12/14
       1. ᠥᠲᠡᠯᠦᠨ ᠦᠲᠡᠯᠦᠲᠡᠯ᠎ᠡ ᠪᠠᠨ ᠰᠢᠨ᠎ᠡ ᠵᠦᠢᠯ ᠢ ᠰᠣᠷᠣᠯᠴᠠᠵᠦ ᠪᠠᠶᠢᠬᠤ ᠬᠡᠷᠡᠭᠲᠡᠢ᠃ ᠬᠥᠮᠥᠨ ᠨᠠᠰᠣᠨ ᠲᠤᠷᠰᠢᠲᠠ ᠰᠤᠷᠴᠤ ᠰᠤᠳᠤᠯᠵᠤ ᠪᠠᠶᠢᠬᠤ ᠪᠣᠯ  ᠮᠠᠰᠢ ᠴᠢᠬᠤᠯᠠ ᠶᠤᠮ᠃ ᠰᠢᠨ᠎ᠡ ᠨᠢᠭᠡᠨ ᠬᠥᠭᠵᠢᠮ᠂ ᠨᠢᠭᠡ ᠳᠦᠷᠦᠯ ᠤᠨ ᠬᠡᠯᠡ᠂ ᠡᠰᠡᠬᠦᠯ᠎ᠡ ᠰᠢᠨ᠎ᠡ ᠬᠤᠭᠤᠯᠠ ᠪᠤᠳᠠᠭ᠎ᠠ ᠬᠢᠵᠦ ᠰᠤᠷᠴᠤ ᠣᠷᠣᠯᠳᠣᠵᠦ ᠪᠠᠶᠢᠭᠠᠷᠠᠢ᠃        2. ᠬᠠᠭᠤᠴᠢᠨ ᠳᠠᠳᠬᠠᠯ ᠪᠠ ᠥᠪᠡᠷ ᠤᠨ ᠢᠶᠠᠨ ᠲᠤᠷᠰᠢᠯᠭ᠎ᠠ ᠪᠠᠨ ᠯᠡ ᠮᠥᠷᠳᠡᠬᠦ ᠪᠢᠰᠢ᠂ ᠬᠠᠷᠢᠨ ᠰᠢᠨ᠎ᠡ ᠵᠦᠢᠯ ᠢ ᠵᠠᠯᠭ᠎ᠠ ᠰᠣᠨᠢᠷᠬᠠᠵᠤ ᠤᠷᠤᠯᠳᠣᠵᠦ  ᠪᠠᠶᠢᠬᠤ ᠪᠣᠯ ᠵᠠᠯᠠᠭᠤ ᠨᠠᠰᠤᠨ ᠤ ᠬᠥᠭᠡᠭᠡᠴᠡᠯᠳᠦᠯ ᠶᠤᠮ᠃        3. ᠢᠯᠡᠭᠦᠬᠡᠨ ᠬᠥᠳᠡᠯᠵᠦ ᠪᠠᠢ᠃ ᠬᠥᠮᠥᠨ ᠬᠥᠭᠰᠢᠷᠡᠵᠦ ᠪᠢᠰᠢ ᠬᠥᠰᠢᠵᠦ ᠦᠬᠦᠳᠡᠭ ᠭᠡᠰᠡᠨ ᠦᠭᠡ ᠪᠠᠶᠢᠳᠠᠭ᠃ ᠥᠲᠡᠯᠬᠦ ᠠᠴᠠ ᠰᠡᠷᠭᠡᠶᠢᠯᠡᠬᠦ ᠳᠤ ᠪᠡᠶ᠎ᠡ  ᠲᠠᠮᠢᠷ ᠤᠨ ᠪᠣᠯᠪᠠᠰᠤᠷᠠᠯ ᠶᠡᠭᠡ ᠴᠢᠬᠤᠯᠠ᠃        4. ᠪᠦᠬᠦ ᠶᠠᠪᠤᠳᠠᠯ ᠢ ᠵᠥᠪ ᠲᠠᠯ᠎ᠠ ᠠᠴᠠ ᠨᠢ ᠰᠡᠳᠬᠢᠵᠦ ᠰᠣᠷ᠃ ᠠᠮᠢᠳᠤᠷᠠᠯ ᠳᠤ ᠰᠡᠳᠬᠢᠯ ᠰᠠᠨᠠᠭ᠎ᠠ ᠪᠤᠬᠢᠨᠢᠳᠤᠭᠤᠯᠬᠤ ᠶᠠᠪᠤᠳᠠᠯ ᠲᠣᠬᠢᠶᠠᠯᠳᠤᠬᠤ ᠨᠢ  ᠵᠠᠶᠢᠯᠠᠰᠢ ᠦᠭᠡᠢ᠃ ᠬᠠᠷᠢᠨ ᠪᠣᠯᠵᠤ ᠥᠩᠭᠡᠷᠡᠭᠰᠡᠨ ᠶᠠᠪᠤᠳᠠᠯ ᠢ ᠥᠭᠡᠷᠡᠴᠢᠯᠡᠵᠦ ᠦᠯᠦ ᠴᠢᠳᠠᠪᠠᠴᠤ ᠡᠭᠦᠨ ᠳᠤ ᠶᠠᠭᠠᠬᠢᠵᠤ ᠬᠠᠨᠳᠤᠬᠤ ᠪᠤᠢ ᠬᠡᠳᠡᠭ ᠨᠢ ᠴᠢᠬᠤᠯᠠ  ᠶᠤᠮ᠃ ᠠᠮᠢᠳᠤᠷᠠᠯ ᠶᠠᠭ ᠲᠣᠯᠢ ᠰᠢᠭ᠋᠂ ᠥᠭᠡᠳᠡ ᠠᠴᠠ ᠨᠢ ᠬᠠᠷᠠᠭᠠᠳ ᠮᠦᠰᠢᠶᠡᠬᠦ ᠳᠤ ᠲᠡᠷᠡ ᠮᠥᠨ ᠢᠨᠢᠶᠡᠮᠰᠦᠭᠯᠡᠨ᠎ᠡ᠃ ᠥᠭᠡᠳᠡ ᠦᠭᠡᠢ ᠲᠡᠰᠢ ᠨᠢ ᠪᠤᠳᠤᠭᠠᠳ  ᠪᠠᠶᠢᠪᠠᠯ ᠪᠤᠯᠬᠤ ᠦᠭᠡᠢ ᠪᠦᠲᠦᠬᠦ ᠦᠭᠡᠢ ᠶᠠᠪᠤᠳᠠᠯ ᠣᠷᠢᠶᠠᠬᠤ ᠭᠡᠳ ᠯᠠ ᠪᠠᠶᠢᠳᠠᠭ᠃        5. ᠥᠪᠡᠷ ᠤᠨ ᠳᠤᠷ᠎ᠠ ᠰᠣᠨᠢᠷᠬᠠᠯ ᠲᠠᠢ ᠪᠠᠶᠢᠬᠤ ᠬᠡᠷᠡᠭᠲᠡᠢ᠃ ᠵᠠᠯᠠᠭᠤᠴᠤᠳ ᠶᠠᠳᠠᠵᠤ ᠨᠢᠭᠡ ᠵᠦᠢᠯ ᠳᠤ ᠳᠤᠷᠠᠲᠠᠢ ᠪᠠᠶᠢᠬᠤ ᠨᠢ ᠠᠮᠢᠳᠤᠷᠠᠯ ᠢ ᠤᠳᠬ᠎ᠠ  ᠠᠭᠤᠯᠭ᠎ᠠ ᠲᠠᠢ ᠪᠣᠯᠭᠠᠬᠤ ᠳᠤ ᠲᠤᠰᠠ ᠪᠤᠯᠳᠠᠭ᠃  
 
ᠢᠷᠡᠯᠲᠡ᠄ ᠬᠤᠤᠯᠢᠩᠭᠤᠤᠯ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号