ᠪᠣᠷᠣᠬᠤᠵᠢᠷ ᠵᠡᠭᠡᠯᠢ ᠭᠤᠳᠤᠮᠵᠢ᠄ ᠴᠠᠬᠢᠯᠭᠠᠨ ᠴᠡᠨᠡᠭᠯᠡᠬᠦ︽ᠲᠦᠭᠵᠢᠷᠡᠯ︾ ᠢ ᠨᠠᠪᠲᠠᠷᠡᠭᠦᠯᠵᠦ᠂ ᠤᠯᠠᠨ ᠲᠦᠮᠡᠨ ᠳᠤ︽ᠠᠮᠤᠷ ᠲᠦᠪᠰᠢᠨ ᠤ ᠴᠠᠬᠢᠯᠭᠠᠨ︾ᠴᠡᠨᠡᠭᠯᠡᠨ᠎ᠡ
ᠨᠡᠶᠢᠲᠡᠯᠡᠭᠰᠡᠨ ᠴᠠᠭ᠄
2023/12/11
   ︽ᠪᠢᠳᠡ ᠡᠳᠦᠷ ᠪᠦᠷᠢ ᠴᠠᠬᠢᠯᠭᠠᠨ ᠬᠥᠳᠡᠯᠭᠡᠭᠦᠷᠲᠦ ᠲᠡᠷᠭᠡ ᠤᠨᠤᠵᠤ ᠠᠵᠢᠯ ᠳᠤ ᠭᠠᠷᠴᠤ ᠠᠵᠢᠯ   ᠠᠴᠠ ᠪᠠᠨ ᠪᠠᠭᠤᠨ᠎ᠠ᠂ ᠬᠡᠦᠬᠡᠳ   ᠢᠶᠠᠨ ᠲᠤᠰᠴᠤ ᠬᠦᠷᠭᠡᠨ᠎ᠡ᠂ ᠴᠠᠬᠢᠯᠭᠠᠨ ᠬᠥᠳᠡᠯᠭᠡᠭᠦᠷᠲᠦ ᠲᠡᠷᠭᠡ ᠪᠠᠷ ᠴᠠᠬᠢᠯᠭᠠᠨ ᠴᠡᠨᠡᠭᠯᠡᠬᠦ ᠳᠤ ᠳᠠᠩᠴᠤ ᠬᠦᠴᠢᠷ ᠪᠠᠶᠢᠳᠠᠭ᠂ ᠠᠰᠠᠷ ᠳᠡᠭᠡᠷ᠎ᠡ ᠠᠴᠠ ᠴᠠᠬᠢᠯᠭᠠᠨ ᠤᠲᠠᠰᠤ ᠲᠠᠲᠠᠵᠤ ᠪᠠᠭᠤᠯᠭᠠᠬᠤ ᠳᠤ ᠶᠠᠷᠰᠢᠭ  ᠲᠠᠢ ᠮᠥᠷᠲᠡᠭᠡᠨ ᠠᠮᠤᠷ ᠲᠦᠪᠰᠢᠨ ᠪᠤᠰᠤ ᠪᠠᠶᠢᠳᠠᠭ᠂ ᠨᠡᠶᠢᠭᠡᠮ ᠲᠣᠭᠤᠷᠢᠭ ᠤᠨ ᠬᠢᠨ ᠰᠠᠭᠤᠭᠠᠯᠢ ᠲᠣᠭᠤᠷᠢᠭ ᠲᠤ ᠵᠣᠬᠢᠴᠠᠭᠤᠯᠤᠨ ᠠᠷᠠᠳ ᠲᠤ ᠳᠥᠭᠦᠮ ᠴᠠᠬᠢᠯᠭᠠᠨ ᠴᠡᠨᠡᠭᠯᠡᠬᠦ ᠪᠠᠭᠠᠨ᠎ᠠ ᠤᠭᠰᠠᠷᠠᠬᠤ ᠨᠢ ᠡᠨᠡ ᠬᠦ ᠬᠦᠴᠢᠷ ᠠᠰᠠᠭᠤᠳᠠᠯ   ᠢ ᠰᠢᠢᠳᠪᠦᠷᠢᠯᠡᠭᠰᠡᠨ ᠳᠤ ᠲᠣᠭᠠᠴᠠᠭᠳᠠᠨ᠎ᠠ︾ ᠬᠡᠵᠦ ᠰᠢᠩ ᠹᠠ ᠰᠠᠭᠤᠭᠠᠯᠢ ᠠᠷᠠᠳ ᠤᠨ ᠲᠣᠭᠤᠷᠢᠭ ᠲᠤ ᠰᠠᠭᠤᠭ᠎ᠠ ᠰᠠᠭᠤᠭᠠᠯᠢ ᠠᠷᠠᠳ ᠯᠢ ᠮᠢᠩ ᠫᠦᠸ᠋ᠸ ᠰᠢᠨ᠎ᠡ ᠪᠠᠷ ᠣᠷᠣᠵᠤ ᠰᠠᠭᠤᠭᠰᠠᠨ ᠴᠠᠬᠢᠯᠭᠠᠨ ᠴᠡᠨᠡᠭᠯᠡᠬᠦ ᠪᠠᠭᠠᠨ᠎ᠠ ᠶᠢ ᠤᠳᠠᠭ᠎ᠠ ᠳᠠᠷᠠᠭᠠᠯᠠᠨ ᠮᠠᠭᠲᠠᠨ ᠰᠠᠶᠢᠰᠢᠶᠠᠪᠠ᠃      ᠰᠠᠭᠤᠭᠠᠯᠢ ᠠᠷᠠᠳ ᠤᠨ ᠴᠠᠬᠢᠯᠭᠠᠨ ᠬᠥᠳᠡᠯᠭᠡᠭᠦᠷᠲᠦ ᠲᠡᠷᠭᠡ ᠶᠢᠨ ᠲᠤᠭ᠎ᠠ ᠲᠠᠰᠤᠷᠠᠯᠲᠠ ᠦᠭᠡᠢ ᠨᠡᠮᠡᠭᠳᠡᠬᠦ ᠶᠢ ᠳᠠᠭᠠᠯᠳᠤᠨ᠂ ᠴᠠᠬᠢᠯᠭᠠᠨ ᠬᠥᠳᠡᠯᠭᠡᠭᠦᠷᠲᠦ ᠲᠡᠷᠭᠡ ᠶᠢᠨ ᠴᠠᠬᠢᠯᠭᠠᠨ ᠴᠡᠨᠡᠭᠯᠡᠬᠦ ᠳᠤ ᠬᠦᠴᠢᠷᠲᠡᠢ ᠪᠠᠶᠢᠬᠤ ᠠᠰᠠᠭᠤᠳᠠᠯ ᠳᠠᠭᠠᠯᠳᠤᠨ ᠭᠠᠷᠴᠤ ᠢᠷᠡᠵᠦ᠂ ᠮᠠᠰᠢ ᠣᠯᠠᠨ ᠰᠠᠭᠤᠭᠠᠯᠢ ᠠᠷᠠᠳ ᠤᠨ ︽ᠨᠢᠰᠬᠦ ᠤᠲᠠᠰᠤ︾ ᠴᠠᠬᠢᠯᠭᠠᠨ ᠴᠡᠨᠡᠭᠯᠡᠬᠦ ᠪᠤᠶᠤ ᠠᠰᠠᠷ ᠤᠨ ᠬᠤᠩᠭᠢᠯ ᠳᠤ ᠴᠠᠬᠢᠯᠭᠠᠨ ᠴᠡᠨᠡᠭᠯᠡᠬᠦ ᠳᠤ ᠳᠥᠭᠦᠮ ᠦᠭᠡᠢ ᠮᠥᠷᠲᠡᠭᠡᠨ ᠪᠠᠰᠠ ᠬᠦᠨᠳᠦ ᠨᠣᠴᠢᠲᠠᠢ ᠠᠮᠤᠷ ᠲᠦᠪᠰᠢᠨ ᠤ ᠳᠠᠯᠳᠠ ᠬᠡᠮ ᠣᠷᠣᠰᠢᠵᠤ ᠪᠠᠶᠢᠨ᠎ᠠ᠃ ᠴᠠᠬᠢᠯᠭᠠᠨ ᠬᠥᠳᠡᠯᠭᠡᠭᠦᠷᠲᠦ ᠲᠡᠷᠭᠡ ᠶᠢᠨ ᠴᠠᠬᠢᠯᠭᠠᠨ ᠴᠡᠨᠡᠭᠯᠡᠬᠦ ᠳᠤ ᠬᠦᠴᠢᠷᠲᠡᠢ ᠪᠠᠶᠢᠬᠤ ᠠᠰᠠᠭᠤᠳᠠᠯ ᠢ ᠦᠨᠡᠨ ᠬᠦ ᠰᠢᠢᠳᠪᠦᠷᠢᠯᠡᠬᠦ ᠶᠢᠨ ᠲᠥᠯᠥᠭᠡ᠂ ᠣᠶᠢᠷ᠎ᠠ ᠶᠢᠨ ᠬᠤᠭᠤᠴᠠᠭᠠᠨ ᠳᠤ᠂ ᠪᠣᠷᠣ ᠬᠤᠵᠢᠷ ᠵᠡᠭᠡᠯᠢ ᠭᠤᠳᠤᠮᠵᠢ ᠶᠢᠨ ᠬᠢᠨ ᠣᠯᠠᠨ ᠲᠦᠮᠡᠨ ᠤ ︽ᠪᠠᠴᠢᠮ ᠪᠡᠷᠬᠡ ᠬᠦᠰᠡᠯ ᠡᠷᠡᠮᠡᠯᠵᠡᠯ︾ ᠳᠤ ᠠᠩᠬᠠᠷᠤᠯ ᠢᠶᠠᠨ ᠲᠥᠪᠯᠡᠷᠡᠭᠦᠯᠵᠦ᠂ ᠴᠠᠬᠢᠯᠭᠠᠨ ᠬᠥᠳᠡᠯᠭᠡᠭᠦᠷᠲᠦ ᠲᠡᠷᠭᠡ ᠶᠢᠨ ᠴᠠᠬᠢᠯᠭᠠᠨ ᠴᠡᠨᠡᠭᠯᠡᠬᠦ ᠱᠣᠩ ᠤᠭᠰᠠᠷᠠᠬᠤ ᠠᠵᠢᠯ ᠢ ᠶᠡᠭᠡ ᠪᠠᠷ ᠲᠦᠯᠬᠢᠨ ᠠᠬᠢᠭᠤᠯᠵᠤ᠂ ᠰᠠᠭᠤᠭᠠᠯᠢ ᠠᠷᠠᠳ ᠲᠤ ︽ᠠᠮᠤᠷ ᠲᠦᠪᠰᠢᠨ ᠤ ᠴᠠᠬᠢᠯᠭᠠᠨ︾ ᠴᠡᠨᠡᠭᠯᠡᠭᠦᠯᠬᠦ ᠳᠤ ᠲᠥᠬᠦᠮ ᠦᠵᠡᠭᠦᠯᠵᠦ᠂ ᠭᠤᠣᠯ ᠰᠡᠳᠦᠪᠲᠦ ᠬᠥᠮᠦᠵᠢᠯ ᠤᠨ ᠭᠦᠨᠵᠡᠭᠡᠶᠢᠷᠡᠨ ᠪᠣᠳᠠᠲᠠᠶᠢᠵᠢᠬᠤ ᠶᠢ ᠦᠷᠭᠦᠯᠵᠢᠯᠡᠨ ᠲᠦᠯᠬᠢᠨ ᠠᠬᠢᠭᠤᠯᠪᠠ᠃     ᠪᠠᠶᠢᠴᠠᠭᠠᠨ ᠰᠤᠷᠪᠤᠯᠵᠢᠯᠠᠬᠤ ᠪᠠ ᠭᠠᠶᠢᠯᠢ ᠲᠠᠲᠠᠪᠤᠷᠢᠯᠠᠬᠤ ᠰᠠᠨᠠᠭᠤᠯᠭ᠎ᠠ ᠶᠢ ᠵᠢᠭᠰᠠᠭᠠᠨ ᠪᠠᠶᠢᠴᠠᠭᠠᠵᠤ᠂ ᠰᠠᠨᠠᠭᠠᠴᠢᠯᠠᠭ᠎ᠠ   ᠠᠴᠠ ᠪᠠᠨ ᠦᠢᠯᠡᠴᠢᠯᠡᠬᠦ ᠳᠤ ᠨᠠᠩ ᠢᠯᠡᠭᠦᠦ ᠳᠣᠲᠣᠨᠣ ᠪᠠᠶᠢᠳᠠᠭ᠃ ᠬᠤᠶᠠᠳᠤᠭᠠᠷ ᠪᠦᠯᠦᠭ ᠤᠨ ᠭᠤᠣᠯ ᠰᠡᠳᠦᠪᠲᠦ ᠬᠥᠮᠦᠵᠢᠯ ᠢ ᠥᠷᠨᠢᠭᠦᠯᠦᠭᠰᠡᠨ ᠠᠴᠠ ᠨᠠᠰᠢ᠂ ᠣᠯᠠᠨ ᠲᠦᠮᠡᠨ ᠤ ᠬᠡᠷᠡᠭᠴᠡᠭᠡ  ᠶᠢ ᠦᠨᠡᠨᠬᠦ ᠣᠶᠢᠯᠠᠭᠠᠵᠤ᠂ ᠣᠯᠠᠨ ᠲᠦᠮᠡᠨ ᠤ ︽ ᠠᠰᠠᠭᠤᠳᠠᠯ︾ ᠢ ᠰᠢᠢᠳᠪᠦᠷᠢᠯᠡᠬᠦ ᠶᠢᠨ ᠲᠥᠯᠥᠭᠡ᠂  ᠪᠣᠷᠣᠬᠤᠵᠢᠷ ᠵᠡᠭᠡᠯᠢ ᠭᠤᠳᠤᠮᠵᠢ ᠶᠢᠨ ᠡᠯ᠎ᠡ ᠨᠠᠮ ᠤᠨ ᠡᠭᠦᠷ ᠤᠨ ᠨᠠᠮ ᠤᠨ ᠭᠡᠰᠢᠭᠦᠨ ᠺᠠᠳ᠋ᠷ ᠸᠢᠴᠠᠲ᠂ ᠤᠲᠠᠰᠤ᠂ ᠡᠷᠦᠬᠡ ᠳᠤ ᠣᠷᠣᠬᠤ ᠵᠡᠷᠭᠡ ᠬᠡᠯᠪᠡᠷᠢ ᠪᠠᠷ ᠰᠠᠭᠤᠭᠠᠯᠢ ᠠᠷᠠᠳ ᠤᠨ ᠰᠠᠨᠠᠯ ᠰᠠᠨᠠᠭᠤᠯᠭ᠎ᠠ ᠶᠢ ᠢᠳᠡᠪᠬᠢᠲᠡᠢ ᠬᠤᠷᠢᠶᠠᠵᠤ᠂ ᠰᠠᠭᠤᠭᠠᠯᠢ ᠠᠷᠠᠳ ᠤᠨ ᠲᠤᠰᠬᠠᠯ ᠶᠡᠬᠡᠲᠡᠢ ᠪᠠᠶᠢᠭ᠎ᠠ ᠴᠠᠬᠢᠯᠭᠠᠨ ᠬᠥᠳᠡᠯᠭᠡᠭᠦᠷᠲᠦ ᠲᠡᠷᠭᠡ ᠶᠢᠨ ᠴᠠᠬᠢᠯᠭᠠᠨ ᠴᠡᠨᠡᠭᠯᠡᠬᠦ ᠳᠤ ᠬᠦᠴᠢᠷᠲᠡᠢ ᠪᠠᠶᠢᠬᠤ ᠠᠰᠠᠭᠤᠳᠠᠯ ᠢ ᠵᠡᠭᠡᠯᠢ ᠭᠤᠳᠤᠮᠵᠢ ᠶᠢᠨ ᠬᠢᠨ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠡᠯ᠎ᠡ ᠨᠡᠶᠢᠭᠡᠮ ᠲᠣᠭᠤᠷᠢᠭ ᠢ ᠦᠳᠲᠡᠷ ᠲᠦᠷᠭᠡᠨ ᠢᠶᠠᠷ ᠵᠣᠬᠢᠶᠠᠨ ᠪᠠᠶᠢᠭᠤᠯᠵᠤ ᠪᠠᠶᠢᠭᠠᠳ ᠬᠠᠷᠢᠶ᠎ᠠ ᠣᠷᠣᠨ ᠤ ᠬᠤᠶᠠᠳᠤᠭᠠᠷ ᠡᠭᠡᠯᠵᠢ᠂ ᠭᠤᠷᠪᠠᠳᠤᠭᠠᠷ ᠡᠭᠡᠯᠵᠢ᠂ ᠳᠥᠷᠪᠡᠳᠦᠭᠡᠷ ᠬᠦᠷᠳᠦᠲᠦ ᠴᠠᠬᠢᠯᠭᠠᠨ ᠴᠡᠨᠡᠭᠯᠡᠬᠦ ᠲᠡᠷᠭᠡ ᠶᠢ ᠪᠥᠬᠦ ᠲᠠᠯ᠎ᠠ ᠪᠠᠷ ᠵᠢᠭᠰᠠᠭᠠᠨ ᠪᠠᠶᠢᠴᠠᠭᠠᠬᠤ ᠶᠢᠨ ᠬᠠᠮᠲᠤ ᠴᠠᠬᠢᠯᠭᠠᠨ ᠴᠡᠨᠡᠭᠯᠡᠬᠦ ᠱᠣᠩ ᠢ ᠤᠭᠰᠠᠷᠠᠬᠤ ᠠᠵᠢᠯ ᠢ ᠵᠣᠬᠢᠴᠠᠭᠤᠯᠤᠨ ᠲᠣᠬᠢᠷᠠᠭᠤᠯᠵᠤ᠂ ᠴᠠᠬᠢᠯᠭᠠᠨ ᠴᠡᠨᠡᠭᠯᠡᠬᠦ ᠱᠣᠩ ᠤᠨ ᠲᠤᠭ᠎ᠠ ᠬᠡᠮᠵᠢᠶ᠎ᠡ ᠪᠠ ᠭᠠᠵᠠᠷ ᠰᠣᠩᠭᠤᠬᠤ ᠶᠢ ᠵᠣᠬᠢᠶᠠᠨ ᠪᠠᠶᠢᠭᠤᠯᠤᠨ ᠱᠠᠯᠠᠪᠳᠠᠨ ᠲᠣᠭᠲᠠᠭᠠᠬᠤ ᠬᠡᠷᠡᠭᠲᠡᠢ᠃ ᠴᠠᠬᠢᠯᠭᠠᠨ ᠴᠡᠨᠡᠭᠯᠡᠬᠦ ᠱᠣᠩ ᠤᠨ ᠭᠠᠵᠠᠷ ᠰᠣᠩᠭᠤᠬᠤ ᠶᠠᠪᠤᠴᠠ ᠳᠤ᠂ ᠨᠡᠶᠢᠭᠡᠮ ᠲᠣᠭᠤᠷᠢᠭ ᠤᠨ ᠬᠢᠨ ᠬᠡᠰᠡᠭ ᠴᠠᠬᠢᠯᠭᠠᠨ ᠬᠥᠳᠡᠯᠭᠡᠭᠦᠷᠲᠦ ᠲᠡᠷᠭᠡᠨ ᠤ ᠡᠵᠡᠨ   ᠢ ᠰᠤᠷᠪᠤᠯᠵᠢᠯᠠᠵᠤ᠂ ᠰᠠᠭᠤᠭᠠᠯᠢ ᠠᠷᠠᠳ ᠯᠤᠭ᠎ᠠ ᠶᠢᠨ ᠨᠡᠪᠲᠡᠷᠡᠯᠴᠡᠭᠡ ᠪᠠᠨ ᠴᠢᠩᠭᠠᠳᠬᠠᠨ᠂ ᠲᠡᠷᠭᠡ ᠵᠣᠭᠰᠣᠬᠤ ᠡᠬᠢ ᠪᠠᠶᠠᠯᠢᠭ   ᠢ ᠰᠢᠬᠠᠨ ᠡᠵᠡᠯᠡᠬᠦ ᠦᠭᠡᠢ ᠪᠠᠶᠢᠳᠠᠯ ᠳᠣᠣᠷ᠎ᠠ᠂ ᠭᠠᠵᠠᠷ ᠰᠣᠩᠭᠤᠬᠤ ᠠᠵᠢᠯ   ᠢ ᠪᠡᠶᠡᠯᠡᠭᠦᠯᠬᠦ ᠬᠡᠷᠡᠭᠲᠡᠢ᠃ ᠪᠠᠶᠢᠴᠠᠭᠠᠨ ᠰᠤᠷᠪᠤᠯᠵᠢᠯᠠᠬᠤ ᠪᠠᠷ ᠳᠡᠮᠵᠢᠨ ᠬᠠᠷᠢᠶ᠎ᠠ ᠣᠷᠣᠨ ᠳᠤ ᠨᠡᠶᠢᠲᠡ 3248 ᠴᠠᠬᠢᠯᠭᠠᠨ ᠬᠥᠳᠡᠯᠭᠡᠭᠦᠷᠲᠦ ᠲᠡᠷᠭᠡ ᠲᠠᠢ ᠪᠠᠶᠢᠵᠤ᠂ 10%   ᠶᠢᠨ ᠬᠠᠷᠢᠴᠠᠯ ᠢᠶᠠᠷ ᠴᠠᠬᠢᠯᠭᠠᠨ ᠴᠡᠨᠡᠭᠯᠡᠬᠦ ᠱᠣᠩ ᠤᠭᠰᠠᠷᠠᠵᠤ᠂ 50 ᠪᠦᠯᠦᠭ ᠴᠠᠬᠢᠯᠭᠠᠨ ᠴᠡᠨᠡᠭᠯᠡᠬᠦ ᠱᠣᠩ ᠬᠡᠷᠡᠭᠰᠡᠬᠦ ᠪᠣᠯᠣᠨ᠎ᠠ᠃     ᠠᠮᠤᠷ ᠲᠦᠪᠰᠢᠨ ᠤ ᠴᠠᠬᠢᠯᠭᠠᠨ ᠤ ᠪᠤᠯᠠᠭᠠᠷᠢ ᠶᠢ ᠵᠥᠪᠯᠡᠵᠦ ᠰᠢᠨᠵᠢᠯᠡᠨ ᠪᠠᠶᠢᠴᠠᠭᠠᠬᠤ ᠳᠤ ᠠᠮᠤᠷ ᠲᠦᠪᠰᠢᠨ ᠢᠶᠠᠷ ᠴᠠᠬᠢᠯᠭᠠᠨ ᠬᠡᠷᠡᠭᠯᠡᠬᠦ ᠳᠤ ᠨᠡᠩ ᠰᠠᠨᠠᠭ᠎ᠠ ᠠᠮᠤᠷ ᠪᠣᠯᠣᠨ᠎ᠠ᠃ ᠴᠠᠬᠢᠯᠭᠠᠨ ᠬᠥᠳᠡᠯᠭᠡᠭᠦᠷᠲᠦ ᠲᠡᠷᠭᠡᠨ ᠤ ᠰᠠᠭᠤᠷᠢ ᠲᠤᠭ᠎ᠠ ᠪᠠᠷᠢᠮᠲᠠ ᠶᠢᠨ ᠪᠠᠶᠢᠳᠠᠯ ᠢ ᠡᠵᠡᠮᠰᠢᠭᠰᠡᠨ ᠤ ᠳᠠᠷᠠᠭ᠎ᠠ᠂ ᠵᠡᠭᠡᠯᠢ ᠭᠤᠳᠤᠮᠵᠢ ᠳᠤ ᠵᠥᠪᠯᠡᠯ ᠤᠨ ᠬᠤᠷᠠᠯ ᠬᠢᠵᠦ᠂ ᠡᠯ᠎ᠡ ᠨᠡᠶᠢᠭᠡᠮ ᠲᠣᠭᠤᠷᠢᠭ᠂ ᠠᠳᠠᠯ ᠠᠬᠤᠢ  ᠲᠠᠢ ᠢᠳᠡᠪᠬᠢᠲᠡᠢ ᠵᠥᠪᠳᠡᠯᠴᠡᠵᠦ᠂ ᠰᠠᠭᠤᠭᠠᠯᠢ ᠠᠷᠠᠳ ᠤᠨ ᠳᠤᠷᠠᠳᠤᠭᠰᠠᠨ ᠰᠠᠨᠠᠯ ᠰᠠᠨᠠᠭᠤᠯᠭ᠎ᠠ ᠶᠢ ᠦᠨᠳᠦᠰᠦᠯᠡᠨ᠂ ᠬᠠᠷᠢᠶᠠᠲᠤ ᠣᠷᠣᠨ ᠤ ᠰᠢᠩ ᠹᠠ ᠪᠠᠭ᠎ᠠ ᠲᠣᠭᠤᠷᠢᠭ᠂ ᠳ᠋ᠦᠩ ᠶᠠᠩ ᠶᠠ ᠵᠢᠦᠢ᠂ ᠵᠢᠩ ᠬᠤ᠋ ᠡᠮᠦᠨ᠎ᠡ ᠬᠤᠶᠢᠳᠦ ᠬᠦᠷᠢᠶᠡᠯᠡᠩ᠂ ᠶᠢᠨ ᠯᠦᠩ ᠶᠤᠸᠠᠨ᠂ ᠠᠯᠮᠠᠰ ᠠᠷᠠᠯ᠂ ᠬᠤᠸᠠ ᠯᠦᠩ ᠰᠢᠨ᠎ᠡ ᠬᠤᠲᠠ ᠵᠡᠷᠭᠡ 7 ᠪᠠᠭ᠎ᠠ ᠲᠣᠭᠤᠷᠢᠭ ᠤᠨ ᠴᠠᠬᠢᠯᠭᠠᠨ ᠴᠡᠨᠡᠭᠯᠡᠬᠦ ᠪᠠᠭᠠᠨ᠎ᠠ ᠤᠭᠰᠠᠷᠠᠬᠤ ᠠᠵᠢᠯ ᠳᠤ ᠦᠨᠡᠯᠡᠯᠲᠡ ᠬᠢᠵᠦ᠂ ᠵᠢᠩ  ᠬᠤ᠋ ᠬᠤᠶᠢᠳᠦ ᠬᠦᠷᠢᠶᠡᠯᠡᠩ᠂ ᠬᠤᠸᠠ ᠯᠦᠩ ᠰᠢᠨ ᠴᠧᠩ᠂ ᠰᠢᠩ ᠹᠠ ᠪᠠᠭ᠎ᠠ ᠲᠣᠭᠤᠷᠢᠭ ᠵᠡᠷᠭᠡ 3 ᠪᠠᠭ᠎ᠠ ᠲᠣᠭᠤᠷᠢᠭ ᠲᠤ ᠨᠢᠭᠡᠳᠦᠭᠡᠷ ᠬᠤᠭᠤᠴᠠᠭᠠᠨ ᠤ ᠤᠭᠰᠠᠷᠠᠬᠤ ᠠᠵᠢᠯ ᠢ ᠬᠢᠬᠦ ᠪᠠᠷ ᠲᠣᠭᠲᠠᠭᠰᠠᠨ ᠪᠥᠭᠡᠳ ᠰᠣᠩᠭᠤᠭᠰᠠᠨ ᠭᠠᠵᠠᠷ ᠢ ᠲᠤᠬᠠᠢ ᠶᠢᠨ ᠭᠠᠵᠠᠷ ᠲᠤᠨᠢ ᠰᠢᠨᠵᠢᠯᠡᠨ ᠪᠠᠶᠢᠴᠠᠭᠠᠵᠤ᠂ ᠲᠡᠷᠭᠡ ᠵᠣᠭᠰᠣᠬᠤ ᠡᠬᠢ ᠪᠠᠶᠠᠯᠢᠭ ᠢ ᠡᠵᠡᠯᠡᠬᠦ ᠦᠭᠡᠢ ᠮᠥᠷᠲᠡᠭᠡᠨ ᠪᠦᠬᠦ ᠰᠠᠭᠤᠭᠠᠯᠢ ᠡᠷᠦᠬᠡ ᠠᠴᠠ ᠣᠶᠢᠷᠠᠯᠴᠠᠭ᠎ᠠ ᠪᠠᠶᠢᠭ᠎ᠠ 6 ᠭᠠᠵᠠᠷ ᠢ ᠰᠣᠩᠭᠤᠨ ᠲᠣᠭᠲᠠᠭᠠᠵᠤ᠂ ᠴᠠᠬᠢᠯᠭᠠᠨ ᠴᠡᠨᠡᠭᠯᠡᠬᠦ ᠪᠠᠭᠠᠨ᠎ᠠ ᠳᠤ ᠣᠷᠣᠨ ᠵᠠᠢ ᠭᠠᠷᠭᠠᠵᠤ ᠥᠭᠬᠦ ᠶᠢᠨ ᠲᠥᠯᠥᠭᠡ᠂ ᠨᠡᠶᠢᠭᠡᠮ ᠲᠣᠭᠤᠷᠢᠭ ᠤᠨ ᠬᠢᠨ ᠰᠣᠩᠭᠤᠨ ᠲᠣᠭᠲᠠᠭᠠᠭᠰᠠᠨ ᠴᠠᠬᠢᠯᠭᠠᠨ ᠴᠡᠨᠡᠭᠯᠡᠬᠦ ᠪᠠᠭᠠᠨ᠎ᠠ ᠶᠢᠨ ᠪᠠᠶᠢᠷᠢ ᠳᠡᠭᠡᠷᠡᠬᠢ ᠬᠠᠮᠢᠶ᠎ᠠ ᠨᠠᠮᠢᠶ᠎ᠠ ᠦᠭᠡᠢ ᠣᠪᠣᠭᠠᠯᠠᠵᠤ ᠲᠠᠯᠪᠢᠬᠤ ᠪᠠ ᠬᠤᠷᠠᠭᠰᠠᠨ ᠴᠠᠰᠤ ᠶᠢ ᠴᠡᠪᠡᠷᠯᠡᠬᠦ ᠶᠢ ᠢᠳᠡᠪᠬᠢᠲᠡᠢ ᠵᠣᠬᠢᠶᠠᠨ ᠪᠠᠶᠢᠭᠤᠯᠵᠠᠢ᠃ ᠤᠭᠰᠠᠷᠠᠭᠰᠠᠨ ᠤ ᠳᠠᠷᠠᠭᠠᠬᠢ 3 ᠵᠢᠵᠢᠭ ᠲᠣᠭᠤᠷᠢᠭ ᠤᠨ 10 ᠪᠦᠯᠦᠭ ᠴᠠᠬᠢᠯᠭᠠᠨ ᠴᠡᠨᠡᠭᠯᠡᠬᠦ ᠪᠠᠭᠠᠨ᠎ᠠ ᠨᠢ 1000 ᠴᠠᠬᠢᠯᠭᠠᠨ ᠬᠥᠳᠡᠯᠭᠡᠭᠦᠷᠲᠦ ᠲᠡᠷᠭᠡᠨ ᠤ ᠴᠠᠬᠢᠯᠭᠠᠨ ᠴᠡᠨᠡᠭᠯᠡᠬᠦ ᠬᠡᠷᠡᠭᠴᠡᠭᠡ ᠶᠢ ᠬᠠᠩᠭᠠᠵᠤ ᠲᠠᠶᠢᠯᠤᠨ᠎ᠠ᠂ ᠰᠠᠭᠤᠭᠠᠯᠢ ᠠᠷᠠᠳ ᠭᠠᠷ ᠤᠲᠠᠰᠤ ᠪᠠᠨ ᠰᠢᠷᠪᠢᠪᠡᠯ᠂ ᠴᠠᠬᠢᠯᠭᠠᠨ ᠡᠭᠦᠰᠬᠡᠭᠴᠢ ᠶᠢ ᠬᠠᠳᠬᠤᠪᠠᠯ ᠳᠠᠷᠤᠢ ᠠᠮᠤᠷ ᠲᠦᠪᠰᠢᠨ ᠢᠶᠠᠷ ᠴᠠᠬᠢᠯᠭᠠᠨ ᠴᠡᠨᠡᠭᠯᠡᠵᠦ ᠲᠠᠶᠢᠯᠤᠨ᠎ᠠ᠃ ᠵᠢᠱᠢᠯᠲᠡ ᠪᠠᠷ 2024 ᠣᠨ ᠤ 1 ᠰᠠᠷ᠎ᠠ ᠳᠤ ᠬᠤᠶᠠᠳᠤᠭᠠᠷ ᠬᠤᠭᠤᠴᠠᠭᠠᠨ ᠤ ᠤᠭᠰᠠᠷᠠᠬᠤ ᠠᠵᠢᠯ ᠢ ᠳᠠᠭᠤᠰᠬᠠᠵᠤ᠂ ᠬᠠᠷᠢᠶᠠᠲᠤ ᠣᠷᠣᠨ ᠤ 3248 ᠴᠠᠬᠢᠯᠭᠠᠨ ᠬᠥᠳᠡᠯᠭᠡᠭᠦᠷᠲᠦ ᠲᠡᠷᠭᠡ ᠶᠢᠨ ᠠᠮᠤᠷ ᠲᠦᠪᠰᠢᠨ ᠢᠶᠠᠷ ᠴᠠᠬᠢᠯᠭᠠᠨ ᠴᠡᠨᠡᠭᠯᠡᠬᠦ ᠶᠢ ᠬᠠᠮᠠᠭᠠᠯᠠᠵᠤ᠂ ᠠᠮᠤᠷ ᠲᠦᠪᠰᠢᠨ ᠢᠶᠠᠷ ᠠᠷᠠᠳ ᠲᠤ ᠲᠥᠬᠦᠮ ᠦᠵᠡᠭᠦᠯᠦᠨ᠎ᠡ᠃      ᠬᠡᠮ ᠰᠣᠭᠤᠭ ᠢ ᠤᠬᠠᠭᠤᠯᠵᠤ ᠬᠥᠲᠥᠯᠥᠨ ᠵᠢᠯᠤᠭᠤᠳᠴᠤ᠂ ᠮᠥᠷᠳᠡᠨ ᠳᠠᠭᠠᠵᠤ ᠬᠠᠷᠢᠭᠤ ᠰᠤᠷᠪᠤᠯᠵᠢᠯᠠᠬᠤ  ᠨᠢ ᠨᠠᠩ ᠴᠤ ᠰᠡᠳᠬᠢᠯ ᠳᠤᠯᠠᠭᠠᠬᠠᠨ ᠪᠠᠶᠢᠳᠠᠭ᠃ ᠴᠠᠬᠢᠯᠭᠠᠨ ᠴᠡᠨᠡᠭᠯᠡᠬᠦ ᠪᠤᠯᠠᠭᠠᠷᠢ ᠶᠢᠨ ᠠᠰᠢᠭᠯᠠᠮᠵᠢ ᠶᠢ ᠳᠡᠭᠡᠭᠰᠢᠯᠡᠭᠦᠯᠬᠦ ᠶᠢᠨ ᠲᠥᠯᠥᠭᠡ᠂ ᠨᠠᠮ ᠤᠨ ᠭᠡᠰᠢᠭᠦᠨ ᠺᠠᠳ᠋ᠷ ᠡᠷᠦᠬᠡ ᠳᠤ ᠣᠷᠣᠬᠤ᠂ ᠸᠢᠴᠠᠲ ᠢᠶᠠᠷ ᠳᠠᠮᠵᠢᠭᠤᠯᠤᠨ ᠰᠠᠭᠤᠭᠠᠯᠢ ᠠᠷᠠᠳ ᠲᠤ ᠴᠠᠬᠢᠯᠭᠠᠨ ᠴᠡᠨᠡᠭᠯᠡᠬᠦ ᠱᠣᠩ ᠬᠡᠷᠡᠭᠯᠡᠬᠦ ᠠᠷᠭ᠎ᠠ᠂ ᠠᠮᠤᠷ ᠲᠦᠪᠰᠢᠨ ᠤ ᠴᠢᠳᠠᠮᠵᠢ᠂ ᠴᠠᠬᠢᠯᠭᠠᠨ ᠴᠡᠨᠡᠭᠯᠡᠬᠦ ᠳᠠᠭᠠᠳᠬᠠᠯ ᠵᠡᠷᠭᠡ ᠵᠦᠢᠯᠡᠰ ᠢ ᠤᠬᠠᠭᠤᠯᠤᠨ ᠲᠠᠨᠢᠯᠴᠠᠭᠤᠯᠬᠤ ᠶᠢᠨ ᠬᠠᠮᠲᠤ ᠵᠢᠭᠠᠯᠲᠠ ᠶᠢᠨ ᠫᠠᠶᠢᠰᠠ ᠤᠭᠰᠠᠷᠠᠬᠤ᠂ ᠪᠣᠯᠪᠠᠰᠤᠨ ᠤᠷᠢᠶ᠎ᠠ ᠯᠣᠽᠦ᠋ᠩ ᠤᠭᠰᠠᠷᠠᠬᠤ᠂ ᠠᠳᠠᠯ ᠠᠬᠤᠢ ᠶᠢᠨ ᠡᠳᠦᠷ ᠲᠤᠲᠤᠮ ᠤᠨ ᠲᠣᠭᠤᠷᠢᠨ ᠴᠠᠭᠳᠠᠬᠤ ᠶᠢ ᠴᠢᠩᠭᠠᠳᠬᠠᠬᠤ ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ᠂ ᠣᠯᠠᠨ ᠠᠷᠭ᠎ᠠ ᠶᠢ ᠵᠡᠷᠭᠡ ᠪᠠᠷ ᠬᠡᠷᠡᠭᠯᠡᠨ ᠰᠠᠭᠤᠭᠠᠯᠢ ᠠᠷᠠᠳ ᠢ ᠬᠥᠲᠥᠯᠥᠨ ᠵᠢᠯᠤᠭᠤᠳᠴᠤ ᠪᠠᠶᠢᠭᠠᠳ ᠲᠡᠷᠭᠡ ᠵᠣᠭᠰᠤᠭᠠᠬᠤ᠂ ᠴᠠᠬᠢᠯᠭᠠᠨ ᠴᠡᠨᠡᠭᠯᠡᠬᠦ ᠰᠠᠶᠢᠨ ᠰᠠᠶᠢᠬᠠᠨ ᠳᠠᠳᠬᠠᠯ ᠲᠠᠢ ᠪᠣᠯᠭᠠᠵᠤ᠂ ᠬᠠᠷᠢᠶᠠᠲᠤ ᠣᠷᠣᠨ ᠤ ᠨᠢᠰᠦᠯᠲᠡ ᠶᠢᠨ ᠱᠤᠭᠤᠮ ᠢᠶᠠᠷ ᠴᠠᠬᠢᠯᠭᠠᠨ ᠴᠡᠨᠡᠭᠯᠡᠬᠦ ᠵᠡᠷᠭᠡ ᠳᠠᠯᠳᠠ ᠬᠡᠮ ᠤᠨ ᠠᠰᠠᠭᠤᠳᠠᠯ   ᠠᠴᠠ ᠵᠠᠶᠢᠯᠠᠭᠤᠯᠤᠨ᠎ᠠ᠃ ᠡᠭᠦᠨ ᠤ ᠬᠠᠮᠲᠤ᠂ ᠲᠣᠰ ᠵᠡᠭᠡᠯᠢ ᠭᠤᠳᠤᠮᠵᠢ ᠶᠢᠨ  ᠬᠢᠨ ᠣᠯᠠᠨ ᠲᠦᠮᠡᠨ ᠢ ᠪᠠᠶᠢᠩᠭᠤ ᠬᠥᠲᠥᠯᠥᠨ ᠵᠢᠯᠤᠭᠤᠳᠴᠤ ᠪᠠᠶᠢᠭᠠᠳ ᠴᠠᠬᠢᠯᠭᠠᠨ ᠴᠡᠨᠡᠭᠯᠡᠬᠦ ᠱᠣᠩ ᠢ ᠵᠥᠪ ᠬᠡᠷᠡᠭᠯᠡᠭᠦᠯᠬᠦ ᠶᠢᠨ ᠬᠠᠮᠲᠤ ᠴᠠᠬᠢᠯᠭᠠᠨ ᠴᠡᠨᠡᠭᠯᠡᠬᠦ ᠴᠠᠭ ᠨᠢ ᠣᠷᠳᠣ᠂ ᠬᠡᠷᠡᠭᠯᠡᠬᠦ ᠳᠤ ᠬᠢᠯᠪᠠᠷ ᠪᠤᠰᠤ᠂ ᠴᠠᠬᠢᠯᠭᠠᠨ ᠴᠡᠨᠡᠭᠯᠡᠬᠦ ᠵᠠᠷᠤᠳᠠᠯ ᠵᠡᠷᠭᠡ ᠬᠡᠷᠡᠭᠯᠡᠯᠲᠡ ᠶᠢᠨ ᠪᠠᠶᠢᠳᠠᠯ ᠢ ᠬᠠᠷᠢᠭᠤ ᠰᠤᠷᠪᠤᠯᠵᠢᠯᠠᠵᠤ᠂ ᠬᠠᠮᠢᠶᠠᠷᠤᠯᠲᠠ ᠪᠠᠨ ᠴᠢᠩᠭᠠᠳᠬᠠᠨ᠂ ᠰᠠᠭᠤᠭᠠᠯᠢ ᠠᠷᠠᠳ ᠲᠤ ᠠᠮᠤᠷ ᠲᠦᠪᠰᠢᠨ ᠨᠠᠶᠢᠳᠠᠪᠤᠷᠢᠲᠠᠢ᠂ ᠪᠣᠬᠢᠷᠲᠤᠯ ᠦᠭᠡᠢ ᠶᠠᠪᠤᠵᠤ ᠰᠠᠭᠤᠬᠤ ᠴᠠᠬᠢᠯᠭᠠᠨ ᠬᠡᠷᠡᠭᠯᠡᠬᠦ ᠣᠷᠴᠢᠨ ᠲᠣᠭᠤᠷᠢᠨ ᠢ ᠪᠣᠶ ᠪᠣᠯᠭᠠᠵᠤ᠂ ᠴᠠᠬᠢᠯᠭᠠᠨ ᠬᠥᠳᠡᠯᠭᠡᠭᠦᠷᠲᠦ ᠲᠡᠷᠭᠡᠨ ᠤ ᠴᠠᠬᠢᠯᠭᠠᠨ ᠴᠡᠨᠡᠭᠯᠡᠬᠦ ᠠᠮᠤᠷ ᠲᠦᠪᠰᠢᠨ ᠤ ︽ᠰᠡᠷᠭᠡᠶᠢᠯᠡᠯᠲᠡ ᠶᠢᠨ ᠬᠡᠷᠡᠮ︾ ᠢ ᠪᠠᠲᠤ ᠴᠣᠭᠴᠠᠯᠠᠨ᠎ᠠ᠃
 
ᠢᠷᠡᠯᠲᠡ᠄ ᠬᠤᠤᠯᠢᠩᠭᠤᠤᠯ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号