ᠬᠠᠮᠲᠤᠪᠠᠷ ᠤᠷᠤᠰᠢᠵᠦ ᠬᠠᠮᠲᠤᠪᠠᠷ ᠪᠠᠶᠢᠭᠤᠯᠵᠤ᠂ ᠤᠯᠠᠨ ᠲᠦᠮᠡᠨ ᠳᠤ ᠪᠣᠳᠠᠲᠠᠢ ᠶᠠᠪᠤᠳᠠᠯ ᠬᠢᠬᠦ᠂ ᠰᠠᠶᠢᠨ | ᠶᠠᠪᠤᠳᠠᠯ ᠬᠢᠬᠦ ᠦᠢᠯᠡᠳᠦᠯ ᠢ ᠭᠦᠢᠴᠡᠳ ᠪᠠᠳᠠᠷᠠᠭᠤᠯᠬᠤ ᠶᠢᠨ ᠲᠥᠯᠥᠭᠡ᠂ ᠤᠢᠢᠷ᠎ᠠ ᠶᠢᠨ ᠡᠳᠦᠷ᠂ ᠵᠢᠩ ᠱᠠᠨ ᠨᠡᠶᠢᠭᠡᠮ | ᠲᠣᠭᠤᠷᠢᠭ ᠤᠨ ᠨᠠᠮ ᠤᠨ ᠡᠭᠦᠷ ᠨᠠᠮ ᠤᠨ ᠲᠡᠦᠬᠡ ᠶᠢᠨ ᠰᠤᠷᠤᠯᠴᠠᠯᠭ᠎ᠠ ᠬᠥᠮᠦᠵᠢᠯ ᠤᠨ ︽ᠪᠢ ᠤᠯᠠᠨ ᠲᠦᠮᠡᠨ ᠳᠤ | ᠪᠣᠳᠠᠲᠠᠢ ᠶᠠᠪᠤᠳᠠᠯ ᠬᠢᠬᠦ︾ ᠦᠢᠯᠡᠳᠦᠯᠭᠡ ᠶᠢᠨ ᠠᠵᠢᠯᠯᠠᠭ᠎ᠠ ᠲᠠᠢ ᠤᠶᠠᠯᠳᠤᠭᠤᠯᠵᠤ᠂ ᠶᠠᠷᠢᠶ᠎ᠠ ᠬᠡᠯᠡᠯᠭᠡ ᠶᠢᠨ | ᠪᠣᠯᠪᠠᠰᠤᠷᠠᠯ ᠤᠨ ᠲᠥᠪ ᠲᠠᠢ ᠬᠠᠮᠲᠤᠷᠠᠨ ︽ᠬᠠᠮᠲᠤ ᠪᠠᠷ ᠤᠷᠤᠰᠢᠵᠦ ᠬᠠᠮᠲᠤ ᠪᠠᠷ ᠪᠠᠶᠢᠭᠤᠯᠵᠦ ᠬᠦᠮᠦᠨ | ᠠᠷᠠᠳ ᠤᠨ ᠰᠡᠳᠬᠢᠯ ᠢ ᠳᠤᠯᠠᠭᠠᠴᠠᠭᠤᠯᠬᠤ︾ ᠭᠤᠤᠯ ᠰᠡᠳᠦᠪᠳᠦ ᠶᠠᠳᠠᠭᠤ ᠬᠦᠴᠢᠷᠳᠡᠯᠲᠡᠢ ᠤᠯᠠᠨ ᠲᠦᠮᠡᠨ ᠢ | ᠲᠣᠬᠤᠨᠢᠭᠤᠯᠬᠤ ᠠᠵᠢᠯᠯᠠᠭ᠎ᠠ ᠥᠷᠨᠢᠭᠦᠯᠵᠡᠢ᠃ | | | | | ᠠᠵᠢᠯᠯᠠᠭ᠎ᠠ ᠶᠢᠨ ᠳᠤᠮᠳᠠ᠂ ᠨᠡᠶᠢᠭᠡᠮ ᠲᠣᠭᠤᠷᠢᠭ ᠤᠨ ᠨᠠᠮ ᠤᠨ ᠡᠭᠦᠷ ᠨᠢ ᠰᠢᠶᠠᠩ ᡂᠢ ᠬᠡᠯᠡᠨ ᠤ | ᠴᠢᠳᠠᠪᠤᠷᠢᠲᠠᠨ ᠤ ᠠᠩᠭᠢ ᠲᠠᠢ ᠰᠠᠨᠠᠭᠠᠴᠢᠯᠠᠭ᠎ᠠ ᠠᠴᠠ ᠪᠠᠨ ᠵᠣᠯᠭᠠᠭᠤᠯᠵᠤ᠂ ᠭᠤᠷᠪᠠᠨ ᠳᠤᠭᠤᠶᠢᠯᠠᠩ ᠬᠤᠪᠢᠶᠠᠨ | ᠬᠠᠷᠢᠶ᠎ᠠ ᠣᠷᠣᠨ ᠤ ᠪᠠᠨ ᠥᠨᠥᠴᠢᠨ ᠪᠡᠯᠪᠡᠰᠦᠨ ᠨᠠᠰᠤᠲᠠᠨ᠂ ᠥᠨᠥᠴᠢᠨ ᠬᠡᠤᠬᠡᠳ᠂ ᠬᠡᠷ ᠲᠡᠭᠡᠨ ᠬᠤᠴᠣᠷᠤᠭᠰᠠᠨ | ᠬᠡᠤᠬᠡᠳ ᠵᠡᠷᠭᠡ 23 ᠶᠠᠳᠠᠭᠤ ᠬᠦᠴᠢᠷᠳᠡᠯᠲᠡᠶ ᠬᠡᠷ ᠪᠦᠯᠢ ᠶᠢ ᠲᠣᠬᠤᠨᠢᠭᠤᠯᠬᠤ ᠶᠢᠨ ᠬᠠᠮᠲᠤ ᠪᠤᠳᠠᠭ᠎ᠠ᠂ ᠭᠤᠯᠢᠷ᠂ | ᠲᠣᠰᠣ ᠵᠡᠷᠭᠡ ᠲᠣᠬᠤᠨᠢᠭᠤᠯᠬᠤ ᠪᠣᠳᠠᠰ ᠬᠦᠷᠭᠡᠵᠡᠶ᠃ ᠠᠶᠢᠯ ᠡᠷᠦᠬᠡ ᠳᠤ ᠣᠴᠢᠬᠤ ᠪᠦᠷᠢ ᠬᠦᠴᠢᠷᠳᠡᠯ ᠲᠠᠢ | ᠰᠠᠭᠤᠭᠠᠯᠢ ᠠᠷᠠᠳ ᠲᠠᠢ ᠨᠢᠭᠤᠷᠲᠠᠨ ᠶᠠᠷᠢᠯᠴᠠᠵᠤ᠂ ᠲᠡᠳᠡᠨ ᠢ ᠠᠮᠢᠳᠤᠷᠠᠯ ᠤᠨ ᠲᠠᠯ᠎ᠠ ᠪᠠᠷ ᠬᠢ ᠬᠦᠴᠢᠷᠳᠡᠯ ᠳᠤ | ᠢᠳᠡᠪᠬᠢᠲᠡᠶ ᠪᠠᠷ ᠬᠠᠨᠳᠤᠵᠤ᠂ ᠴᠢᠷᠮᠠᠶᠢᠨ ᠰᠤᠷᠤᠯᠴᠠᠬᠤ ᠶᠢ ᠵᠤᠷᠢᠭᠵᠢᠭᠤᠯᠪᠠ᠃ |