| | | | | | ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢ ᠰᠠᠶᠢᠲᠤᠷ ᠰᠤᠷᠤᠯᠴᠠᠵᠤ ᠨᠡᠩ ᠰᠠᠶᠢᠨ ᠰᠠᠶᠢᠬᠠᠨ | ᠥᠷᠭᠡᠨ ᠠᠭᠤᠳᠠᠮ ᠦᠢᠯᠡᠰ ᠤᠨ ᠢᠷᠡᠭᠡᠳᠦᠢ ᠶᠢ ᠨᠡᠭᠡᠭᠡᠨ᠎ᠡ | ᠬᠤᠤᠯᠢᠩᠭᠤᠤᠯ ᠬᠤᠲᠠ ᠶᠢᠨ ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ ᠲᠥᠪ ᠤᠨ ᠠᠵᠢᠯᠳᠠᠨ | ------ ᠤᠷᠬᠢᠯ ᠢ ᠰᠤᠷᠪᠤᠯᠵᠢᠯᠠᠭᠰᠠᠨ ᠨᠢ | | | | ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢ ᠪᠣᠯᠪᠠᠰᠤᠷᠠᠩᠭᠤᠶ ᠡᠵᠡᠮᠰᠢᠵᠦ | ᠬᠡᠷᠡᠭᠯᠡᠬᠦ ᠨᠢ ᠬᠤᠪᠢ ᠬᠥᠮᠦᠨ ᠤ ᠢᠷᠡᠭᠡᠳᠦᠶ ᠪᠠ ᠠᠯᠤᠰ ᠬᠡᠳᠦ ᠶᠢᠨ ᠬᠥᠭᠵᠢᠯᠲᠡ ᠳᠤ ᠲᠦᠢᠯ ᠤᠨ ᠴᠢᠬᠤᠯᠠ | ᠪᠠᠶᠢᠳᠠᠭ᠃ ᠡᠨᠡ ᠲᠠᠯ᠎ᠠ ᠪᠠᠷ᠂ ᠡᠨᠡ ᠵᠢᠯ ᠴᠢᠳᠠᠪᠤᠷᠢᠲᠠᠨ ᠢ ᠣᠷᠣᠭᠤᠯᠤᠨ ᠠᠪᠴᠢᠷᠠᠬᠤ ᠪᠠᠷ ᠳᠡᠮᠵᠢᠨ ᠮᠠᠨ ᠤ | ᠬᠤᠤᠯᠢᠩᠭᠤᠤᠯ ᠬᠤᠲᠠ ᠶᠢᠨ ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ ᠲᠥᠪ ᠲᠤ ᠰᠢᠯᠭᠠᠭᠤᠯᠤᠨ ᠢᠷᠡᠭᠰᠡᠨ | ᠮᠣᠩᠭᠤᠯ ᠵᠠᠯᠠᠭᠤ ᠤᠷᠬᠢᠯ ᠭᠦᠨ ᠲᠥᠷᠥᠭᠳᠡᠯ ᠲᠠᠢ ᠪᠠᠶᠢᠨ᠎ᠠ᠃ | ᠤᠷᠬᠢᠯ ᠲᠦᠩᠯᠢᠶᠣᠤ ᠬᠤᠲᠠ ᠶᠢᠨ ᠬᠤᠷᠴᠢᠨ ᠵᠡᠭᠦᠨ ᠭᠠᠷᠤᠨ ᠬᠤᠶᠢᠲᠤ ᠬᠤᠰᠢᠭᠤᠨ ᠤ ᠪᠠᠶᠠᠨᠲᠠᠯ᠎ᠠ | ᠰᠤᠮᠤ ᠶᠢᠨ ᠤᠪᠤᠭ᠎ᠠ ᠭᠠᠴᠠᠭ᠎ᠠ ᠳᠤ ᠲᠦᠷᠦᠵᠠᠢ᠂ ᠪᠠᠭ᠎ᠠ ᠠᠴᠠ ᠪᠠᠨ ᠮᠣᠩᠭᠤᠯ ᠬᠡᠯᠡᠨ ᠤ ᠰᠤᠷᠭᠠᠨ ᠬᠥᠮᠦᠵᠢᠯ | ᠬᠦᠷᠳᠡᠵᠤ᠂ ᠪᠠᠭ᠎ᠠ ᠰᠤᠷᠭᠠᠭᠤᠯᠢ ᠶᠢᠨ ᠭᠤᠷᠪᠠᠳᠤᠭᠠᠷ ᠣᠨ ᠠᠴᠠ ᠡᠬᠢᠯᠡᠨ ᠤᠯᠤᠰ ᠤᠨ ᠨᠡᠶᠢᠳᠡᠮ ᠬᠡᠷᠡᠭᠯᠡᠬᠦ ᠦᠭᠡ | ᠬᠡᠯᠡ ᠦᠰᠦᠭ ᠪᠢᠴᠢᠭ ᠢ ᠰᠤᠷᠤᠯᠴᠠᠵᠠᠢ᠃ ᠲᠡᠷᠡ ᠬᠠᠷᠠᠬᠠᠨ ᠪᠠᠭ᠎ᠠ ᠠᠴᠠ ᠪᠠᠨ ᠨᠡᠶᠢᠭᠡᠮ ᠤᠨ ᠰᠢᠨᠵᠢᠯᠡᠬᠦ | ᠤᠬᠠᠭᠠᠨ ᠳᠤ ᠳᠤᠷᠠᠲᠠᠶ᠂ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠤᠨ ᠬᠢᠴᠢᠶᠡᠯ ᠤᠨ | ᠭᠠᠳᠠᠭᠤᠷᠬᠢ ᠨᠣᠮ ᠤᠩᠰᠢᠬᠤ ᠨᠡᠩ ᠳᠤᠷᠠᠲᠠᠶ ᠭᠡᠵᠦ ᠬᠡᠯᠡᠵᠡᠶ᠃ ᠤᠷᠠᠨ ᠵᠣᠬᠢᠶᠠᠯ ᠤᠨ ᠪᠦᠲᠦᠭᠡᠯ ᠢ ᠤᠩᠰᠢᠬᠤ | ᠶᠠᠪᠤᠴᠠ ᠳᠤ ᠲᠡᠷᠡ ᠪᠠᠰᠠ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠲᠤ ᠮᠠᠰᠢ ᠶᠡᠭᠡ ᠳᠤᠷ᠎ᠠ | ᠰᠣᠨᠢᠷᠬᠠᠯ ᠲᠠᠢ ᠪᠣᠯᠵᠠᠶ᠃ | 2016 ᠣᠨ ᠳᠤ᠂ ᠣᠷᠭᠢᠯ ᠰᠢᠯᠢᠳᠡᠭ ᠬᠢᠷᠢ ᠪᠦᠲᠦᠮᠵᠢ ᠪᠠᠷ ᠥᠪᠥᠷ ᠮᠣᠩᠭᠤᠯ ᠤᠨ ᠶᠡᠭᠡ | ᠰᠤᠷᠭᠠᠭᠤᠯᠢ ᠶᠢᠨ ᠵᠢᠭᠤᠯᠴᠢᠯᠠᠯ ᠤᠨ ᠬᠠᠮᠢᠶᠠᠷᠤᠯᠲᠠ ᠶᠢᠨ ᠲᠤᠰᠬᠠᠶ ᠮᠡᠷᠭᠡᠵᠢᠯ ᠳᠤ ᠰᠢᠯᠭᠠᠨ ᠣᠷᠣᠪᠠ᠃ ᠶᠡᠭᠡ | ᠰᠤᠷᠭᠠᠭᠤᠯᠢ ᠳᠤ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠥᠰᠥᠭ ᠪᠢᠴᠢᠭ ᠢᠶᠠᠷ ᠬᠢᠴᠢᠶᠡᠯᠯᠡᠵᠦ ᠪᠠᠶᠢᠭ᠎ᠠ | ᠪᠣᠯᠬᠤᠷ ᠮᠣᠩᠭᠤᠯ ᠢᠶᠠᠷ ᠬᠢᠴᠢᠶᠡᠯᠯᠡᠵᠦ ᠪᠠᠶᠢᠭᠰᠠᠨ ᠤᠷᠬᠢᠯ ᠳᠤ ᠠᠪᠴᠤ ᠬᠡᠯᠡᠪᠡᠯ ᠡᠨᠡ ᠨᠢ ᠨᠢᠭᠡ ᠵᠦᠢᠯ ᠤᠨ | ᠥᠷᠢᠰᠥᠯᠳᠦᠭᠡᠨ ᠪᠣᠯᠬᠤ ᠶᠤᠮ᠃ ᠤᠯᠠᠨ ᠲᠠᠢ ᠬᠠᠷᠢᠯᠴᠠᠬᠤ ᠶᠠᠪᠤᠴᠠ ᠳᠤ᠂ ᠤᠯᠠᠨ ᠠᠴᠠ ᠤᠯᠤᠰ ᠤᠨ ᠨᠡᠶᠢᠳᠡᠮ | ᠬᠡᠷᠡᠭᠯᠡᠬᠦ ᠦᠭᠡ ᠬᠡᠯᠡ ᠦᠰᠦᠭ ᠪᠢᠴᠢᠭ ᠢ ᠰᠠᠶᠢᠲᠤᠷ ᠰᠤᠷᠬᠤ ᠶᠢᠨ ᠴᠢᠬᠤᠯᠠ ᠴᠢᠨᠠᠷ ᠢ ᠠᠭᠠᠵᠢᠮ ᠢᠶᠠᠷ ᠲᠠᠨᠢᠵᠤ | ᠣᠯᠤᠭᠰᠠᠨ ᠪᠠᠶᠢᠨ᠎ᠠ᠃ | ︽ᠶᠡᠭᠡ ᠰᠤᠷᠭᠠᠭᠤᠯᠢ ᠶᠢᠨ ᠬᠦᠷᠢᠶᠡᠨ ᠳᠤ ᠠᠩᠬ᠎ᠠ ᠣᠷᠣᠬᠤ ᠳᠤ ᠣᠯᠠᠩᠬᠢ ᠭᠠᠵᠠᠷ ᠲᠤ ᠨᠡᠶᠢᠲᠡᠯᠢᠭ ᠬᠡᠯᠡ ᠶᠢ | ᠬᠡᠷᠡᠭᠯᠡᠬᠦ ᠬᠡᠷᠡᠭᠲᠡᠶ᠂ ᠪᠢ ᠥᠪᠡᠷ ᠤᠨ ᠪᠣᠳᠣᠯ ᠢᠶᠠᠨ ᠮᠣᠩᠭᠤᠯ ᠬᠡᠯᠡ ᠪᠠᠷ ᠢᠯᠡᠳᠬᠡᠵᠦ ᠪᠣᠯᠤᠨ᠎ᠠ᠂ ᠭᠡᠪᠡᠴᠦ | ᠨᠡᠶᠢᠲᠡᠯᠢᠭ ᠬᠡᠯᠡ ᠶᠢ ᠬᠡᠷᠡᠭᠯᠡᠬᠦ ᠳᠤ ᠵᠢᠭᠠᠬᠠᠨ ᠬᠦᠴᠢᠷᠳᠡᠵᠦ᠂ ᠶᠡᠷᠦ ᠨᠢ ᠣᠨᠣᠴᠢᠲᠠᠶ ᠬᠡᠯᠡᠵᠦ ᠴᠢᠳᠠᠭᠰᠠᠨ ᠦᠭᠡᠶ | ᠰᠢᠭ ᠰᠠᠨᠠᠭᠳᠠᠳᠠᠭ︾᠃ ᠶᠡᠭᠡ ᠰᠤᠷᠭᠠᠭᠤᠯᠢ ᠳᠤ ᠤᠷᠤᠭᠰᠠᠨ ᠤ ᠲᠠᠷᠠᠭ᠎ᠠ᠂ ᠲᠡᠷᠡ ᠰᠠᠨᠠᠭᠠᠴᠢᠯᠠᠭ᠎ᠠ ᠲᠠᠢ ᠪᠠᠷ | ᠳᠡᠷᠭᠡᠳᠡᠬᠢ ᠨᠠᠶᠢᠵᠠ ᠨᠠᠷ ᠢᠶᠠᠨ ᠲᠠᠭᠠᠵᠤ ᠨᠡᠶᠢᠲᠡᠯᠢᠭ ᠬᠡᠯᠡ ᠶᠢ ᠰᠤᠷᠴᠤ᠂ ᠬᠡᠯᠡᠨ ᠵᠦᠢ ᠪᠠ ᠢᠯᠡᠳᠬᠡᠬᠦ ᠠᠷᠭ᠎ᠠ | ᠮᠠᠶ᠋ᠢᠭ ᠢ ᠪᠠᠲᠤ ᠴᠡᠭᠡᠵᠢᠯᠡᠵᠦ᠂ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠤᠨ ᠨᠣᠮ ᠪᠢᠴᠢᠭ ᠢ | ᠦᠵᠡᠵᠦ ᠡᠬᠢᠯᠡᠪᠡ᠃ ᠵᠣᠷᠢᠭ ᠲᠠᠢ ᠬᠥᠮᠦᠨ ᠢ ᠭᠤᠮᠣᠳᠠᠭᠠᠬᠤ ᠦᠭᠡᠢ᠃ ᠰᠢᠷᠭᠠᠭᠤ ᠰᠤᠷᠤᠯᠴᠠᠨ ᠬᠠᠲᠠᠭᠤᠵᠢᠯᠲᠠᠶ | ᠪᠣᠯᠪᠠᠰᠤᠷᠠᠬᠤ ᠪᠠᠷ ᠳᠡᠮᠵᠢᠨ᠂ ᠤᠷᠬᠢᠯ ᠤᠨ ᠨᠡᠶᠢᠲᠡᠯᠢᠭ ᠬᠡᠯᠡᠨ ᠤ ᠬᠢᠷᠢ ᠲᠦᠪᠰᠢᠨ ᠨᠢᠰᠬᠦ ᠮᠡᠲᠦ ᠲᠦᠷᠭᠡᠨ | ᠲᠡᠭᠡᠭᠰᠢᠯᠡᠵᠦ᠂ ᠢᠯᠡᠳᠬᠡᠬᠦ ᠳᠡᠭᠡᠨ ᠪᠣᠯᠪᠠᠰᠤᠷᠠᠩᠭᠤᠶ᠂ ᠣᠨᠣᠪᠴᠢᠲᠠᠶ ᠪᠠᠶᠢᠵᠤ᠂ ᠣᠯᠠᠨ ᠲᠠᠢ ᠰᠠᠨᠠᠯ ᠢᠶᠠᠨ | ᠰᠣᠯᠢᠯᠴᠠᠬᠤ ᠳᠤ ᠨᠠᠩ ᠢᠯᠭᠤᠮ ᠤᠷᠤᠭᠰᠢᠲᠠᠶ ᠪᠣᠯᠤᠭᠰᠠᠨ ᠪᠠᠶᠢᠨ᠎ᠠ᠃ | ᠦᠭᠡ ᠬᠡᠯᠡ ᠦᠰᠦᠭ ᠪᠢᠴᠢᠭ ᠪᠣᠯ ᠬᠥᠮᠦᠨ ᠬᠥᠮᠦᠨ ᠤ ᠬᠤᠭᠤᠷᠣᠨᠳᠣᠬᠢ ᠰᠣᠯᠢᠯᠴᠠᠭ᠎ᠠ ᠨᠡᠪᠲᠡᠷᠡᠯᠴᠡᠭᠡ ᠶᠢᠨ | ᠴᠢᠬᠤᠯᠠ ᠪᠠᠭᠠᠵᠢ ᠪᠣᠯᠬᠤ ᠪᠠᠷ ᠪᠠᠷᠠᠬᠤ ᠦᠭᠡᠢ᠂ ᠪᠠᠰᠠ ᠴᠤ ᠰᠢᠨᠵᠢᠯᠡᠬᠦ ᠤᠬᠠᠭᠠᠨ ᠰᠣᠶᠣᠯ ᠤᠨ ᠮᠡᠳᠡᠯᠭᠡ ᠶᠢᠨ | ᠴᠢᠬᠤᠯᠠ ᠠᠴᠢᠶᠠᠯᠠᠪᠤᠷᠢ ᠮᠥᠨ᠂ ᠨᠡᠩ ᠴᠤ ᠪᠢᠳᠡᠨ ᠤ ᠳᠡᠯᠡᠬᠡᠶ ᠶᠢᠷᠲᠢᠨᠴᠦ ᠶᠢ ᠨᠡᠭᠡᠭᠡᠬᠦ ︽ᠠᠯᠳᠠᠨ ᠲᠦᠯᠬᠢᠭᠦᠷ︾ | ᠮᠥᠨ᠃ ︽ᠬᠤᠶᠠᠷ ᠵᠦᠢᠯ ᠤᠨ ᠦᠭᠡ ᠬᠡᠯᠡ ᠪᠠᠷ ᠰᠤᠷᠤᠯᠴᠠᠪᠠᠯ᠂ ᠪᠢ ᠡᠯ᠎ᠡ ᠵᠦᠢᠯ ᠤᠨ ᠨᠣᠮ ᠪᠢᠴᠢᠭ᠂ ᠡᠯ᠎ᠡ | ᠵᠦᠢᠯ ᠤᠨ ᠲᠤᠰᠬᠠᠶ ᠮᠡᠷᠭᠡᠵᠢᠯ ᠤᠨ ᠰᠤᠷᠪᠤᠯᠵᠢ ᠪᠢᠴᠢᠭ ᠢ ᠬᠠᠷᠰᠢ ᠰᠠᠭᠠᠳ ᠦᠭᠡᠢ ᠪᠠᠷ ᠤᠩᠰᠢᠵᠤ᠂ ᠡᠯ᠎ᠡ | ᠵᠦᠢᠯ ᠤᠨ ᠰᠣᠶᠣᠯ ᠪᠠ ᠤᠷ᠎ᠠ ᠮᠡᠷᠭᠡᠵᠢᠯ ᠢ ᠨᠡᠩ ᠥᠷᠭᠡᠨ ᠢᠶᠠᠷ ᠰᠤᠷᠴᠤ᠂ ᠮᠡᠳᠡᠯᠭᠡ ᠶᠢᠨ ᠪᠦᠲᠦᠴᠡ ᠪᠠᠨ | ᠲᠦᠢᠯ ᠤᠨ ᠶᠡᠭᠡ ᠪᠠᠷ ᠪᠠᠶᠠᠯᠢᠭᠵᠢᠭᠤᠯᠵᠤ᠂ ᠨᠠᠳᠠ ᠳᠤ ᠰᠢᠨ᠎ᠡ ᠡᠭᠦᠳᠡ ᠨᠡᠭᠡᠭᠡᠵᠦ ᠥᠭᠭᠦᠭᠰᠡᠨ ᠶᠤᠮ︾ ᠭᠡᠵᠦ | ᠰᠤᠷᠪᠤᠯᠵᠢᠯᠠᠭᠴᠢ ᠳᠤ ᠬᠡᠯᠡᠵᠡᠶ᠃ | ᠶᠡᠭᠡ ᠰᠤᠷᠭᠠᠭᠤᠯᠢ ᠲᠡᠭᠦᠰᠦᠭᠰᠡᠨ ᠤ ᠳᠠᠷᠠᠭ᠎ᠠ᠂ ᠤᠷᠭᠢᠯ ᠮᠣᠩᠭᠤᠯ ᠬᠢᠲᠠᠳ ᠬᠡᠯᠡᠨ ᠳᠤ ᠨᠡᠪᠲᠡᠷᠡᠭᠰᠡᠨ | ᠳᠠᠪᠠᠭᠤᠯᠢᠭ ᠢᠶᠠᠷ ᠢᠶᠠᠨ ᠴᠢᠳᠠᠪᠤᠷᠢᠲᠠᠨ ᠢ ᠣᠷᠣᠭᠤᠯᠤᠨ ᠠᠪᠴᠢᠷᠠᠬᠤ ᠪᠠᠷ ᠳᠡᠮᠵᠢᠨ ᠮᠠᠨ ᠤ ᠤᠯᠤᠰ ᠤᠨ ᠬᠤᠲᠠ ᠶᠢᠨ | ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ ᠲᠥᠪ ᠲᠤ ᠰᠢᠯᠭᠠᠨ ᠣᠷᠣᠵᠤ ᠠᠯᠪᠠᠨ ᠬᠡᠷ ᠤᠨ ᠠᠵᠢᠯ ᠢ | ᠬᠠᠷᠢᠭᠤᠴᠠᠪᠠ᠃ ᠰᠠᠶ᠋ᠢᠬᠠᠨ ᠠᠵᠢᠯ ᠤᠨ ᠪᠠᠶᠢᠷᠢᠨ ᠳᠤ ᠭᠠᠷᠬᠤ ᠲᠠᠢ ᠵᠡᠷᠭᠡ᠂ ᠤᠷᠭᠢᠯ ᠡᠳᠦᠷ ᠪᠦᠷᠢ ᠮᠣᠩᠭᠤᠯ ᠬᠡᠯᠡ | ᠪᠠ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠥᠰᠥᠭ ᠪᠢᠴᠢᠭ ᠤᠨ ᠬᠤᠤᠰ ᠬᠡᠯᠡᠨ ᠤ ᠨᠣᠮ ᠪᠢᠴᠢᠭ ᠠᠴᠠ | ᠮᠠᠲ᠋ᠧᠷᠢᠶᠠᠯ ᠡᠷᠢᠵᠦ᠂ ᠠᠯᠪᠠᠨ ᠬᠡᠷ ᠤᠨ ᠠᠵᠢᠯ ᠳᠤ ᠮᠡᠳᠡᠯᠭᠡ ᠬᠤᠷᠠᠮᠳᠤᠭᠤᠯᠵᠤ᠂ ᠰᠠᠭᠤᠷᠢ ᠪᠠᠨ ᠰᠠᠶᠢᠨ ᠲᠠᠯᠪᠢᠬᠰᠠᠨ | ᠶᠤᠮ᠃ ᠠᠯᠪᠠᠨ ᠬᠡᠷ ᠪᠣᠯ ᠨᠢᠭᠡᠨ ᠶᠡᠷᠦᠩᠬᠡᠶᠢᠯᠡᠭᠰᠡᠨ ᠰᠠᠯᠠᠭ᠎ᠠ ᠮᠥᠴᠢᠷ ᠪᠠᠶᠢᠵᠤ᠂ ᠳᠡᠭᠡᠷᠡᠬᠢ ᠶᠢ ᠵᠠᠯᠭᠠᠮᠵᠢᠯᠠᠨ | ᠳᠣᠷᠣᠭᠰᠢᠬᠢ ᠶᠢ ᠰᠡᠩᠬᠡᠷᠡᠭᠦᠯᠬᠦ᠂ ᠳᠣᠲᠣᠭᠠᠳᠤ ᠭᠠᠳᠠᠭᠠᠳᠤ ᠲᠠᠢ ᠨᠡᠪᠲᠡᠷᠡᠯᠴᠡᠬᠦ ᠦᠢᠯᠡᠳᠦᠯ ᠲᠠᠢ ᠪᠠᠶᠢᠵᠤ᠂ | ᠶᠡᠷᠦᠩᠬᠡᠶᠢᠯᠡᠨ ᠵᠣᠬᠢᠴᠠᠭᠤᠯᠬᠤ᠂ ᠮᠡᠳᠡᠭᠡ ᠵᠠᠩᠭᠢ ᠴᠤᠭᠯᠠᠭᠤᠯᠬᠤ᠂ ᠥᠰᠥᠭ ᠪᠢᠴᠢᠭ ᠤᠨ ᠮᠠᠲ᠋ᠧᠷᠢᠶᠠᠯ ᠵᠡᠷᠭᠡ ᠡᠯ᠎ᠡ | ᠵᠦᠢᠯ ᠤᠨ ᠠᠵᠢᠯ ᠵᠢᠴᠢ ᠶᠡᠭᠡ ᠬᠡᠮᠵᠢᠶᠡᠨ ᠤ ᠲᠦᠷ ᠴᠠᠭ ᠤᠨ ᠡᠭᠦᠷᠭᠡ ᠶᠢ ᠡᠭᠦᠷᠭᠡᠯᠡᠵᠦ ᠪᠠᠶᠢᠳᠠᠭ ᠪᠣᠯᠬᠤᠷ | ᠠᠵᠢᠯ ᠤᠨ ᠠᠭᠤᠯᠭ᠎ᠠ ᠨᠢ ᠣᠯᠠᠨ᠂ ᠬᠠᠷᠢᠭᠤᠴᠠᠯᠭ᠎ᠠ ᠨᠢ ᠬᠦᠨᠳᠦ ᠶᠡᠭᠡ ᠪᠠᠶᠢᠳᠠᠭ᠃ ᠲᠡᠷᠡ ᠬᠡᠯᠡᠬᠦ ᠳᠡᠭᠡᠨ᠄ ︽ | ᠡᠨᠡ ᠨᠢ ᠨᠠᠳᠠ ᠳᠤ ᠰᠠᠶᠢᠨ ᠰᠠᠶᠢᠬᠠᠨ ᠦᠭᠡ ᠬᠡᠯᠡᠨ ᠤ ᠬᠠᠷᠢᠯᠴᠠᠭᠠᠨ ᠤ ᠴᠢᠳᠠᠪᠤᠷᠢ ᠪᠠ ᠦᠰᠦᠭ ᠪᠢᠴᠢᠭ ᠤᠨ | ᠢᠯᠡᠳᠬᠡᠬᠦ ᠴᠢᠳᠠᠪᠤᠷᠢ ᠲᠠᠢ ᠪᠣᠯᠬᠤ ᠶᠢ ᠨᠡᠩ ᠢᠯᠡᠭᠦᠦ ᠱᠠᠭᠠᠷᠳᠠᠨ᠎ᠠ᠂ ᠡᠨᠡ ᠦᠶ᠎ᠡ ᠳᠤ ᠤᠯᠤᠰ ᠤᠨ ᠨᠡᠶᠢᠳᠡᠮ | ᠬᠡᠷᠡᠭᠯᠡᠬᠦ ᠦᠭᠡ ᠬᠡᠯᠡ ᠦᠰᠦᠭ ᠪᠢᠴᠢᠭ ᠢ ᠰᠠᠶᠢᠲᠤᠷ ᠰᠤᠷᠴᠤ ᠬᠡᠷᠡᠭᠯᠡᠬᠦ ᠨᠢ ᠮᠢᠨᠦ ᠰᠤᠷᠤᠯᠴᠠᠯᠭ᠎ᠠ ᠪᠠ | ᠠᠮᠢᠳᠤᠷᠠᠯ ᠳᠤ ᠯᠤᠲᠤ ᠶᠡᠭᠡ ᠬᠠᠪᠰᠤᠷᠤᠯᠭ᠎ᠠ ᠪᠤᠯᠵᠤ᠂ ᠲᠠᠰᠤᠷᠠᠯᠳᠠ ᠦᠭᠡᠢ ᠰᠠᠶᠢᠨ ᠰᠤᠷᠤᠯᠴᠠᠨ᠂ ᠬᠦᠰᠡᠯ | ᠵᠡᠭᠦᠳᠦ ᠪᠠᠨ ᠨᠡᠩ ᠰᠠᠶᠢᠨ ᠬᠥᠭᠡᠭᠡᠴᠡᠯᠳᠦᠬᠦ ᠳᠤ ᠮᠠᠨ ᠤ ᠲᠤᠰ ᠪᠡᠶ᠎ᠡ ᠶᠢᠨ ᠬᠥᠭᠵᠢᠯᠲᠡ ᠳᠤ ᠢᠳᠡᠪᠬᠢ ᠠᠴᠢ | ᠬᠤᠯᠪᠣᠭᠳᠠᠯ ᠲᠠᠢ ᠶᠤᠮ ᠭᠡᠳᠡᠭ ᠢ ᠭᠦᠨ ᠭᠦᠨᠵᠡᠭᠡᠶ ᠰᠡᠷᠡᠵᠦ ᠮᠡᠳᠡᠭᠰᠡᠨ ᠪᠠᠶᠢᠨ᠎ᠠ︾ ᠬᠡᠵᠦ ᠤᠷᠬᠢᠯ ᠶᠡᠭᠡ ᠪᠠᠶᠠᠷᠳᠠᠢ | ᠶᠠᠷᠢᠯ᠎ᠠ᠃ ᠡᠶᠢᠮᠦ ᠠᠴᠠ ᠲᠡᠷᠡ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢ ᠬᠡᠳᠦᠶ ᠡᠷᠲᠡ | ᠰᠤᠷᠬᠤ ᠲᠤᠳᠤᠮ᠂ ᠬᠤᠶᠢᠰᠢᠳᠠ ᠶᠢᠨ ᠰᠤᠷᠤᠯᠴᠠᠯᠭ᠎ᠠ ᠠᠮᠢᠳᠤᠷᠠᠯ ᠳᠤ ᠲᠡᠳᠦᠶ ᠠᠰᠢᠭᠲᠠᠶ ᠪᠣᠯᠬᠤ ᠪᠥᠭᠡᠳ | ᠨᠡᠶᠢᠭᠡᠮ ᠤᠨ ᠴᠢᠳᠠᠪᠤᠷᠢᠲᠠᠨ ᠤ ᠬᠡᠷᠡᠭᠴᠡᠭᠡ ᠳᠤ ᠴᠦ ᠨᠡᠩ ᠰᠠᠶᠢᠨ ᠵᠣᠬᠢᠴᠠᠵᠤ ᠴᠢᠳᠠᠨ᠎ᠠ ᠭᠡᠰᠡᠨ ᠪᠤᠳᠤᠯ ᠢᠶᠠᠨ ᠨᠡᠩ | ᠪᠠᠲᠤ ᠴᠢᠩᠭ᠎ᠠ ᠪᠣᠯᠭᠠᠵᠠᠶ᠃ | ᠠᠵᠢᠯ ᠤᠨ ᠪᠠᠶᠢᠷᠢ ᠳᠤ ᠪᠠᠨ ᠰᠢᠨ᠎ᠡ ᠬᠥᠮᠦᠨ ᠪᠣᠯᠤᠭᠰᠠᠨ ᠤ ᠬᠤᠪᠢ ᠳᠤ᠂ ᠣᠷᠭᠢᠯ ᠰᠢᠮᠳᠠᠨ ᠰᠤᠷᠤᠯᠴᠠᠵᠤ᠂ | ᠰᠢᠷᠭᠠᠭᠤ ᠬᠢᠴᠢᠶᠡᠩᠭᠦᠶ ᠪᠠᠷ ᠡᠯ᠎ᠡ ᠵᠦᠢᠯ ᠤᠨ ᠡᠭᠦᠷᠭᠡ ᠪᠠᠨ ᠴᠢᠨᠠᠷ ᠰᠠᠶᠢᠲᠠᠶ ᠪᠡᠶᠡᠯᠡᠭᠦᠯᠵᠦ᠂ ᠠᠯᠬᠤᠮ ᠠᠯᠬᠤᠮ ᠢᠶᠠᠷ | ᠠᠯᠪᠠᠨ ᠬᠡᠷ ᠤᠨ ᠠᠵᠢᠯ ᠤᠨ ᠳᠤᠮᠳᠠᠬᠢ ︽ᠰᠠᠶᠢᠨ ᠬᠠᠪᠰᠤᠷᠤᠭᠴᠢ︾ ᠪᠣᠯᠵᠣ ᠬᠥᠮᠦᠵᠢᠭᠳᠡᠭᠡᠳ᠂ | ᠪᠠᠶᠢᠭᠤᠯᠤᠯᠭ᠎ᠠ ᠶᠢᠨ ᠤᠳᠤᠷᠢᠳᠤᠯᠭ᠎ᠠ ᠪᠠ ᠬᠠᠮᠲᠤ ᠠᠵᠢᠯᠯᠠᠭᠰᠠᠳ ᠲᠠᠭᠠᠨ ᠮᠡᠳᠡᠷᠡᠭᠳᠡᠭᠰᠡᠨ ᠪᠠᠶᠢᠨ᠎ᠠ᠃ ᠬᠤᠶᠠᠷ | ᠵᠦᠢᠯ ᠤᠨ ᠦᠭᠡ ᠬᠡᠯᠡ ᠵᠡᠷᠭᠡ ᠪᠠᠷ ᠬᠥᠭᠵᠢᠭᠰᠡᠨ ᠨᠢ ᠲᠡᠭᠦᠨ ᠤ ᠠᠵᠢᠯ ᠰᠣᠩᠭᠤᠬᠤ᠂ ᠢᠷᠡᠭᠡᠳᠦᠶ ᠳᠤ | ᠬᠠᠨᠳᠤᠬᠤ ᠳᠤᠨᠢ ᠪᠠᠲᠤ ᠴᠢᠩᠭ᠎ᠠ ᠲᠦᠰᠢᠭ ᠲᠤᠯᠭᠠᠭᠤᠷᠢ ᠪᠠ ᠨᠡᠩ ᠤᠯᠠᠨ ᠰᠣᠩᠭᠤᠯᠲᠠ ᠶᠢ ᠬᠠᠩᠭᠠᠭᠰᠠᠨ ᠪᠠᠶᠢᠨ᠎ᠠ᠃ | ᠲᠡᠷᠡ᠄ ︽ᠢᠯᠡᠭᠦᠦ ᠨᠢᠭᠡ ᠵᠦᠢᠯ ᠤᠨ ᠦᠭᠡ ᠬᠡᠯᠡ ᠢᠯᠡᠭᠦᠦ ᠨᠢᠭᠡ ᠵᠦᠢᠯ ᠤᠨ ᠵᠠᠮ ᠪᠠᠶᠢᠬᠤ ᠬᠡᠷᠡᠭᠲᠡᠶ᠂ | ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢ ᠰᠠᠶᠢᠲᠤᠷ ᠰᠤᠷᠴᠤ ᠰᠠᠶᠢᠲᠤᠷ ᠬᠡᠷᠡᠭᠯᠡᠪᠡᠯ ᠪᠤᠰᠤᠳ | ᠦᠨᠳᠦᠰᠦᠲᠡᠨ ᠤ ᠠᠬ᠎ᠠ ᠳᠡᠭᠦᠦ ᠨᠡᠷ ᠯᠦᠭᠡ ᠶᠢᠨ ᠨᠡᠪᠲᠡᠷᠡᠯᠴᠡᠬᠦ ᠴᠢᠳᠠᠪᠤᠷᠢ ᠪᠠᠨ ᠳᠡᠭᠡᠭᠰᠢᠯᠡᠭᠦᠯᠵᠦ ᠴᠢᠳᠠᠨ᠎ᠠ᠂ | ᠡᠨᠡ ᠨᠢ ᠲᠡᠳᠡᠨ ᠤ ᠢᠷᠡᠭᠡᠳᠦᠶ ᠶᠢᠨ ᠨᠡᠶᠢᠭᠡᠮ ᠲᠡᠶᠢᠰᠢ ᠶᠠᠪᠤᠬᠤ᠂ ᠠᠵᠢᠯ ᠣᠯᠭᠤᠯᠲᠠ ᠶᠢᠨ ᠬᠥᠭᠵᠢᠯᠲᠡ ᠳᠤ ᠪᠠᠲᠤ | ᠪᠠᠬᠢ ᠦᠭᠡ ᠬᠡᠯᠡ ᠦᠰᠦᠭ ᠪᠢᠴᠢᠭ ᠤᠨ ᠰᠠᠭᠤᠷᠢ ᠶᠢ ᠲᠠᠯᠪᠢᠨ ᠥᠭᠴᠦ᠂ ᠭᠤᠶᠢᠳᠠ ᠰᠠᠶᠢᠬᠠᠨ ᠬᠥᠮᠦᠨ ᠤ | ᠠᠮᠢᠳᠤᠷᠠᠯ ᠢ ᠪᠦᠲᠦᠭᠡᠬᠦ ᠳᠤ ᠨᠡᠩ ᠥᠷᠭᠡᠨ ᠳᠠᠷᠳᠠᠩ ᠵᠠᠮ ᠢ ᠲᠠᠯᠪᠢᠵᠤ ᠥᠭᠬᠦ ᠪᠣᠯᠤᠨ᠎ᠠ︾ ᠭᠡᠵᠦ | ᠰᠤᠷᠪᠤᠯᠵᠢᠯᠠᠭᠴᠢ ᠳᠤ ᠶᠠᠷᠢᠵᠦ ᠪᠠᠶᠢᠯ᠎ᠠ᠃ | |