ᠵᠠᠰᠠᠭ ᠤᠨ ᠣᠷᠳᠣᠨ ᠤ ᠪᠡᠯᠡ ᠣᠷᠣᠭᠤᠯᠤᠯᠲᠠ ᠶᠢᠨ ᠲᠥᠷᠥᠯ ᠵᠦᠢᠯ ᠤᠨ ᠬᠢᠨᠠᠨ ᠪᠣᠳᠣᠬᠤ ᠠᠵᠢᠯ ᠢ ᠨᠡᠩ | ᠰᠠᠶᠢᠨ ᠥᠷᠨᠢᠭᠦᠯᠬᠦ ᠶᠢᠨ ᠲᠥᠯᠥᠭᠡ ᠨᠥᠬᠦᠴᠡᠯ ᠪᠦᠷᠢᠯᠳᠦᠭᠦᠯᠵᠦ ᠪᠠᠶᠢᠭᠠᠳ ᠰᠢᠭᠦᠬᠦ ᠶᠣᠰᠣᠲᠠᠶ ᠶᠢ ᠨᠢ ᠪᠦᠬᠦᠨ ᠢ | ᠰᠢᠭᠦᠬᠦ ᠶᠢ ᠠᠯᠬᠤᠮ ᠠᠯᠬᠤᠮ ᠢᠶᠠᠷ ᠪᠡᠶᠡᠯᠡᠭᠦᠯᠵᠦ᠂ ᠡᠨᠡ ᠵᠢᠯ᠂ ᠬᠤᠲᠠ ᠶᠢᠨ ᠬᠢᠨᠠᠨ ᠪᠤᠳᠤᠬᠤ ᠲᠣᠪᠴᠢᠶ᠎ᠠ ᠪᠥᠬᠦ | ᠬᠤᠲᠠ ᠶᠢᠨ ᠡᠯ᠎ᠡ ᠲᠥᠷᠥᠯ ᠵᠦᠢᠯ ᠤᠨ ᠨᠢᠭᠡᠴᠡ ᠶᠢ ᠢᠳᠡᠪᠬᠢᠲᠡᠶ ᠵᠣᠬᠢᠶᠠᠨ ᠪᠠᠶᠢᠭᠤᠯᠵᠤ 2021 ᠣᠨ ᠤ | ᠵᠠᠰᠠᠭ ᠤᠨ ᠣᠷᠳᠣᠨ ᠤ ᠪᠠᠯᠠ ᠣᠷᠣᠭᠤᠯᠤᠯᠲᠠ ᠶᠢᠨ ᠲᠥᠷᠥᠯ ᠵᠦᠢᠯ ᠤᠨ ᠮᠡᠳᠡᠭᠡ ᠵᠠᠩᠭᠢ ᠶᠢ ᠴᠤᠭᠯᠠᠭᠤᠯᠵᠤ | ᠲᠠᠭᠯᠠᠬᠤ ᠠᠵᠢᠯ ᠢ ᠥᠷᠨᠢᠭᠦᠯᠵᠦ᠂ ᠮᠠᠨ ᠤ ᠬᠤᠲᠠ ᠶᠢᠨ ᠪᠠᠶᠢᠭᠤᠯᠵᠤ ᠪᠠᠶᠢᠭ᠎ᠠ᠂ ᠪᠠᠷᠢᠯᠭ᠎ᠠ ᠳᠠᠭᠤᠰᠤᠭᠰᠠᠨ ᠵᠢᠴᠢ | ᠰᠢᠨ᠎ᠡ ᠪᠠᠷ ᠠᠵᠢᠯ ᠡᠬᠢᠯᠡᠭᠦᠯᠦᠭᠰᠡᠨ 200 ᠲᠦᠮᠡᠨ ᠲᠥᠭᠦᠷᠢᠭ ᠠᠴᠠ ᠳᠡᠭᠡᠭᠰᠢᠬᠢ ᠵᠠᠰᠠᠭ ᠤᠨ ᠣᠷᠳᠣᠨ ᠤ ᠪᠡᠯᠡ | ᠣᠷᠣᠭᠤᠯᠤᠯᠲᠠ ᠶᠢᠨ ᠲᠥᠷᠥᠯ ᠵᠦᠢᠯ ᠢ ᠨᠠᠷᠢᠨ ᠬᠢᠨᠠᠮᠠᠭᠠᠶ ᠡᠮᠬᠢᠯᠡᠨ ᠳᠢᠭᠯᠡᠵᠦ᠂ ᠴᠤᠭᠯᠠᠭᠤᠯᠬᠤ᠂ ᠣᠷᠣᠭᠤᠯᠬᠤ᠂ | ᠲᠠᠭᠯᠠᠨ ᠮᠡᠳᠡᠭᠦᠯᠬᠦ ᠵᠡᠷᠭᠡ ᠠᠷᠭ᠎ᠠ ᠬᠡᠯᠪᠡᠷᠢ ᠪᠠᠷ ᠳᠠᠮᠵᠢᠭᠤᠯᠤᠨ᠂ ᠣᠶᠢᠷ᠎ᠠ ᠳᠤ 2021 ᠣᠨ ᠤ ᠬᠤᠤᠯᠢᠩᠭᠤᠤᠯ | ᠬᠤᠲᠠ ᠶᠢᠨ ᠵᠠᠰᠠᠭ ᠤᠨ ᠣᠷᠳᠣᠨ ᠤ ᠪᠠᠯᠠ ᠣᠷᠣᠭᠤᠯᠤᠯᠲᠠ ᠶᠢᠨ ᠵᠦᠢᠯᠡᠰ ᠤᠨ ᠲᠤᠭ᠎ᠠ ᠪᠠᠷᠢᠮᠲᠠ ᠶᠢᠨ ᠬᠥᠮᠥᠷᠭᠡ ᠶᠢ | ᠠᠩᠬ᠎ᠠ ᠠᠯᠬᠤᠮ ᠪᠠᠶᠢᠭᠤᠯᠵᠤ᠂ ᠮᠠᠨ ᠤ ᠤᠯᠤᠰ ᠤᠨ ᠬᠤᠲᠠ ᠶᠢᠨ ᠵᠠᠰᠠᠭ ᠤᠨ ᠣᠷᠳᠣᠨ ᠤ ᠪᠠᠯᠠ | ᠣᠷᠣᠭᠤᠯᠤᠯᠲᠠ ᠶᠢᠨ ᠬᠢᠨᠠᠨ ᠪᠤᠳᠤᠯᠲᠠ ᠶᠢᠨ ᠬᠢᠨᠠᠯᠲᠠ ᠶᠢᠨ ᠪᠦᠷᠢᠨ ᠪᠦᠷᠬᠦᠭᠦᠯᠬᠦ ᠰᠢᠰᠲ᠋ᠧᠮ ᠢ ᠪᠦᠷᠢᠨᠰᠢᠬᠦᠯᠵᠦ᠂ | ᠰᠤᠷᠭᠠᠨ ᠬᠥᠮᠦᠵᠢᠯ ᠪᠡᠶ᠎ᠡ ᠶᠢᠨ ᠲᠠᠮᠢᠷ᠂ ᠡᠨᠧᠷᠭᠢ᠂ ᠵᠠᠮ ᠬᠠᠷᠢᠯᠴᠠᠭ᠎ᠠ ᠲᠡᠭᠡᠭᠡᠪᠦᠷᠢ ᠵᠡᠷᠭᠡ 11 ᠠᠵᠢᠯ ᠲᠥᠷᠥᠯ ᠤᠨ | ᠲᠥᠷᠥᠯ ᠢᠯᠭᠠᠯ ᠤᠨ 22 ᠲᠥᠷᠥᠯ ᠵᠦᠢᠯ ᠤᠨ ᠪᠥᠲᠥᠭᠡᠨ ᠪᠠᠶᠢᠭᠤᠯᠤᠯᠲᠠ ᠶᠢᠨ ᠨᠢᠭᠡᠴᠡ ᠳᠤ ᠬᠤᠯᠪᠣᠭᠳᠠᠨ᠂ | ᠵᠠᠰᠠᠭ ᠤᠨ ᠣᠷᠳᠣᠨ ᠤ ᠪᠠᠯᠠ ᠣᠷᠣᠭᠤᠯᠤᠯᠲᠠ ᠶᠢᠨ ᠬᠢᠨᠠᠨ ᠪᠤᠳᠤᠯᠲᠠ ᠶᠢᠨ ᠬᠢᠨᠠᠯᠲᠠ ᠶᠢᠨ ᠪᠦᠷᠢᠨ ᠪᠦᠷᠬᠦᠭᠦᠯᠬᠦ | ᠰᠢᠰᠲ᠋ᠧᠮ ᠤᠨ ᠵᠠᠰᠠᠭ ᠤᠨ ᠣᠷᠳᠣᠨ ᠤ ᠪᠠᠯᠠ ᠣᠷᠣᠭᠤᠯᠤᠯᠲᠠ ᠶᠢᠨ 131 ᠲᠥᠷᠥᠯ ᠵᠦᠢᠯ ᠳᠤ ᠣᠷᠣᠵᠤ᠂ | ᠲᠥᠰᠦᠪ ᠤᠨ ᠲᠦᠢᠮᠣ ᠳᠠᠬᠢ ᠪᠠᠯᠠ ᠣᠷᠣᠭᠤᠯᠤᠯᠲᠠ ᠨᠢ 26.68 ᠳ᠋ᠦᠩᠰᠢᠭᠤᠷ ᠲᠥᠭᠦᠷᠢᠭ ᠲᠤ ᠭᠦᠷᠦᠭᠰᠡᠨ | ᠪᠠᠶᠢᠨ᠎ᠠ᠃ | | | | | ᠣᠶᠢᠯᠠᠭᠠᠭᠰᠠᠨ ᠢᠶᠠᠷ᠂ ᠵᠠᠰᠠᠭ ᠤᠨ ᠣᠷᠳᠣᠨ ᠤ ᠪᠠᠯᠠ ᠣᠷᠣᠭᠤᠯᠤᠯᠲᠠ ᠶᠢᠨ ᠬᠢᠨᠠᠨ ᠪᠤᠳᠤᠯᠲᠠ ᠶᠢᠨ | ᠬᠢᠨᠠᠯᠲᠠ ᠶᠢ ᠨᠡᠶᠢᠳᠡᠮ ᠪᠦᠷᠬᠦᠭᠦᠯᠬᠦ ᠰᠢᠰᠲ᠋ᠧᠮ ᠨᠢ ᠲᠣᠮᠣ ᠳ᠋ᠠᠶᠢᠲ᠋ᠠ ᠶᠢᠨ ᠡᠳᠦᠷ ᠲᠤᠲᠤᠮ ᠤᠨ ᠬᠢᠨᠠᠨ ᠡᠵᠡᠮᠳᠡᠯ ᠢᠶᠠᠷ | ᠲᠤᠯᠭᠠᠭᠤᠷᠢᠯᠠᠯ ᠪᠣᠯᠭᠠᠵᠤ᠂ ᠪᠠᠶᠢᠴᠠᠭᠠᠬᠤ ᠳᠤᠭᠤᠶᠢᠯᠠᠩ ᠤᠨ ᠲᠤᠬᠠᠶ ᠶᠢᠨ ᠭᠠᠵᠠᠷ ᠲᠤᠨᠢ ᠬᠢᠨᠠᠨ ᠪᠤᠳᠤᠵᠤ ᠰᠢᠪᠠᠳᠠᠨ | ᠪᠠᠶᠢᠴᠠᠭᠠᠬᠤ ᠪᠠᠷ ᠪᠠᠶᠢᠩᠭᠤ ᠶᠢᠨ ᠪᠠᠶᠢᠳᠠᠯ ᠪᠣᠯᠭᠠᠵᠤ᠂ ᠬᠢᠨᠠᠨ ᠪᠤᠳᠤᠬᠤ ᠳᠤᠭᠤᠶᠢᠯᠠᠩ ᠤᠨ ᠲᠣᠮᠢᠯᠠᠨ ᠰᠠᠭᠤᠯᠭᠠᠵᠤ | ᠬᠢᠨᠠᠨ ᠪᠤᠳᠤᠬᠤ ᠪᠠᠷ ᠭᠤᠤᠯᠳᠠᠯᠭ᠎ᠠ ᠪᠣᠯᠭᠠᠭᠰᠠᠨ ︽ᠭᠤᠷᠪᠠᠨ ᠭᠠᠷ ᠬᠤᠯᠪᠣᠭᠠᠯᠠᠨ ᠬᠥᠳᠡᠯᠦᠯᠴᠡᠬᠦ︾ ᠰᠢᠨ᠎ᠡ | ᠵᠠᠭᠪᠤᠷ ᠢ ᠬᠡᠷᠡᠭᠯᠡᠨ᠂ ᠵᠠᠰᠠᠭ ᠤᠨ ᠣᠷᠳᠣᠨ ᠤ ᠪᠠᠯᠠ ᠣᠷᠣᠭᠤᠯᠤᠯᠲᠠ ᠶᠢᠨ ᠬᠢᠨᠠᠨ ᠪᠤᠳᠤᠯᠲᠠ ᠶᠢᠨ ᠬᠢᠨᠠᠯᠲᠠ ᠶᠢᠨ ︽ | ᠭᠤᠷᠪᠠ ᠶᠢ ᠬᠤᠪᠢᠷᠠᠭᠤᠯᠬᠤ︾ ᠶᠢ ᠠᠩᠬ᠎ᠠ ᠠᠯᠬᠤᠮ ᠪᠡᠶᠡᠯᠡᠭᠦᠯᠵᠦ᠂ ᠪᠠᠯᠠ ᠣᠷᠣᠭᠤᠯᠤᠯᠲᠠ ᠶᠢᠨ ᠬᠢᠨᠠᠨ | ᠪᠤᠳᠤᠯᠲᠠ ᠶᠢᠨ ᠬᠡᠯᠪᠡᠷᠢ ᠪᠠᠨ ᠬᠤᠪᠢᠷᠠᠭᠤᠯᠤᠨ ᠬᠥᠭᠵᠢᠬᠦ ᠶᠢ ᠠᠬᠢᠭᠤᠯᠵᠤ᠂ ᠢᠯᠡᠳᠲᠡ ᠦᠷ᠎ᠡ ᠪᠦᠲᠦᠮᠵᠢ | ᠣᠯᠤᠭᠰᠠᠨ ᠪᠠᠶᠢᠨ᠎ᠠ᠃ ᠳᠠᠷᠠᠭᠠᠴᠢ ᠶᠢᠨ ᠠᠯᠬᠤᠮ ᠳᠤ᠂ ᠲᠤᠰ ᠲᠣᠪᠴᠢᠶ᠎ᠠ ᠡᠨᠡ ᠬᠦ ᠲᠤᠭ᠎ᠠ ᠪᠠᠷᠢᠮᠲᠠ ᠶᠢᠨ | ᠬᠥᠮᠥᠷᠭᠡ ᠪᠠᠷ ᠲᠥᠪ ᠪᠣᠯᠭᠠᠵᠤ᠂ ᠰᠣᠩᠭᠤᠨ ᠪᠠᠶᠢᠴᠠᠭᠠᠬᠤ ᠠᠷᠭ᠎ᠠ ᠬᠡᠯᠪᠡᠷᠢ ᠪᠠᠷ ᠬᠡᠰᠡᠭ ᠲᠦᠷᠦᠯ ᠵᠦᠢᠯ ᠳᠤ | ᠲᠤᠬᠠᠢ ᠶᠢᠨ ᠲᠠᠯᠠᠪᠠᠢ ᠶᠢᠨ ᠬᠢᠨᠠᠨ ᠪᠤᠳᠤᠯᠳᠠ ᠶᠢ ᠥᠷᠨᠢᠭᠦᠯᠬᠦ ᠶᠢᠨ ᠬᠠᠮᠲᠤ ᠳᠡᠭᠡᠳᠦ ᠭᠤᠷᠪᠠᠨ ᠱᠠᠲᠤᠨ ᠤ ᠨᠠᠮ ᠤᠨ | ᠬᠤᠷᠢᠶ᠎ᠠ ᠶᠢᠨ ᠬᠢᠨᠠᠨ ᠪᠤᠳᠤᠬᠤ ᠵᠥᠪᠯᠡᠯ ᠤᠨ ᠲᠤᠬᠠᠢ ᠶᠢᠨ ᠭᠠᠵᠠᠷ ᠤᠨ ᠬᠢᠨᠠᠨ ᠪᠤᠳᠤᠯᠳᠠ ᠶᠢᠨ ᠠᠵᠢᠯ ᠢ | ᠥᠷᠨᠢᠭᠦᠯᠬᠦ ᠳᠤ ᠢᠳᠡᠪᠬᠢᠲᠡᠢ ᠲᠤᠬᠢᠷᠠᠯᠴᠠᠵᠤ᠂ ᠪᠦᠬᠦ ᠬᠤᠳᠠ ᠶᠢᠨ ᠵᠠᠰᠠᠭ ᠤᠨ ᠣᠷᠳᠣᠨ ᠤ ᠪᠡᠯᠡ | ᠣᠷᠣᠭᠤᠯᠤᠯᠲᠠ ᠶᠢᠨ ᠲᠦᠷᠦᠯ ᠵᠦᠢᠯ ᠤᠨ ᠬᠠᠮᠢᠶᠠᠷᠤᠯᠲᠠ ᠶᠢᠨ ᠲᠦᠪᠰᠢᠨ ᠪᠣᠯᠤᠨ ᠬᠠᠮᠢᠶᠠᠷᠤᠯᠲᠠ ᠶᠢᠨ ᠦᠷ᠎ᠡ | ᠪᠦᠲᠦᠮᠵᠢ ᠶᠢ ᠳᠠᠰᠤᠷᠠᠯᠳᠠ ᠦᠭᠡᠢ ᠳᠡᠭᠡᠭᠰᠢᠯᠡᠭᠦᠯᠵᠦ᠂ ᠵᠠᠰᠠᠭ ᠤᠨ ᠣᠷᠳᠣᠨ ᠤ ᠪᠡᠯᠡ ᠣᠷᠣᠭᠤᠯᠤᠯᠲᠠ ᠶᠢᠨ ᠬᠢᠨᠠᠨ | ᠪᠤᠳᠤᠯᠳᠠ ᠶᠢᠨ ᠪᠠᠯᠠᠢ ᠣᠷᠣᠨ ᠢ ᠪᠦᠲᠦᠮᠵᠢᠲᠡᠢ ᠠᠷᠢᠯᠭᠠᠵᠤ᠂ ᠪᠡᠯᠡ ᠣᠷᠣᠭᠤᠯᠤᠯᠲᠠ ᠶᠢᠨ ᠬᠢᠨᠠᠨ ᠪᠤᠳᠤᠯᠳᠠ ᠶᠢᠨ | ᠪᠦᠬᠦ ᠭᠠᠵᠠᠷ ᠣᠷᠣᠨ᠂ ᠪᠦᠬᠦ ᠠᠵᠢᠯ ᠲᠦᠷᠦᠯ ᠪᠣᠯᠤᠨ ᠪᠦᠬᠦ ᠶᠠᠪᠤᠴᠠ ᠳᠤ ︽ᠭᠤᠷᠪᠠ ᠶᠢ ᠪᠦᠷᠬᠦᠬᠦᠯᠬᠦ︾ ᠶᠢ | ᠦᠨᠡᠨᠬᠦ ᠪᠡᠶᠡᠯᠡᠭᠦᠯᠬᠦ ᠬᠡᠷᠡᠭᠲᠡᠢ᠃ |