ᠬᠢᠵᠢᠭ ᠤᠨ ᠪᠠᠶᠢᠳᠠᠯ ᠢ ᠰᠡᠷᠭᠡᠶᠢᠯᠡᠨ ᠬᠢᠵᠠᠭᠠᠷᠯᠠᠬᠤ ᠳᠤᠮᠳᠠ ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ ᠲᠠᠶᠢᠴᠢᠨ ᠪᠠᠬᠢᠯᠡᠯᠲᠡ ᠶᠢᠨ ᠦᠢᠯᠡᠳᠦᠯ ᠪᠠ ᠨᠠᠮ ᠤᠨ ᠭᠡᠰᠢᠭᠦᠨ ᠤ ᠬᠤᠰᠢᠭᠤᠴᠢ ᠵᠢᠱᠢᠶᠡᠴᠢ ᠦᠢᠯᠡᠳᠦᠯ ᠢ ᠭᠦᠢᠴᠡᠳ ᠪᠠᠳᠠᠷᠠᠭᠤᠯᠬᠤ ᠲᠤᠬᠠᠶ ᠳᠤᠮᠳᠠᠳᠤ ᠤᠯᠤᠰ ᠤᠨ ᠡᠪ ᠬᠠᠮᠲᠤ ᠨᠠᠮ ᠤᠨ ᠬᠤᠣᠯᠢᠨ ᠭᠤᠣᠯ ᠬᠤᠲᠠ ᠶᠢᠨ ᠨᠠᠮ ᠤᠨ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ ᠤᠨ ᠮᠡᠳᠡᠭᠳᠡᠯ
ᠨᠡᠶᠢᠲᠡᠯᠡᠭᠰᠡᠨ ᠴᠠᠭ᠄
2021/10/29
   ᠣᠳᠣᠬᠠᠨ ᠳᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠬᠢᠵᠠᠭᠠᠷᠯᠠᠬᠤ ᠪᠠᠶᠢᠳᠠᠯ ᠬᠦᠨᠳᠦ ᠬᠡᠴᠡᠭᠦᠦ᠂ ᠡᠭᠦᠷᠭᠡ ᠬᠠᠲᠠᠭᠤ ᠪᠡᠷᠬᠡ᠂ ᠠᠵᠢᠯ ᠪᠠᠴᠢᠮ ᠲᠤᠯᠭᠠᠮ᠎ᠠ ᠪᠠᠶᠢᠨ᠎ᠠ᠃ ᠡᠨᠡ ᠤᠳᠠᠭᠠᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠬᠢᠵᠠᠭᠠᠷᠯᠠᠵᠤ ᠬᠤᠷᠢᠭᠯᠠᠨ ᠴᠣᠬᠢᠬᠤ ᠳᠠᠶᠢᠨ ᠢ ᠰᠠᠶᠢᠲᠤᠷ ᠬᠢᠬᠦ ᠶᠢᠨ ᠲᠥᠯᠥᠭᠡ᠂ ᠪᠦᠬᠦ ᠬᠤᠲᠠ ᠶᠢᠨ ᠡᠯ᠎ᠡ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠪᠣᠯᠤᠨ ᠥᠷᠭᠡᠨ ᠣᠯᠠᠨ ᠨᠠᠮ ᠤᠨ ᠭᠡᠰᠢᠭᠦᠨ ᠺᠠᠳ᠋ᠷᠴᠤᠳ ᠬᠢᠵᠢᠭ ᠤᠨ ᠪᠠᠶᠢᠳᠠᠯ ᠢ ᠰᠡᠷᠭᠡᠶᠢᠯᠡᠨ ᠬᠢᠵᠠᠭᠠᠷᠯᠠᠬᠤ ᠶᠠᠪᠤᠳᠠᠯ ᠢ ᠣᠳᠣᠬᠠᠨ ᠤ ᠴᠢᠬᠤᠯᠠ ᠡᠭᠦᠷᠭᠡ ᠪᠠᠨ ᠪᠣᠯᠭᠠᠵᠤ᠂ ᠲᠥᠪ ᠬᠤᠷᠢᠶ᠎ᠠ ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠲᠦᠩᠯᠢᠶᠣᠤ ᠬᠤᠲᠠ ᠶᠢᠨ ᠨᠠᠮ ᠤᠨ ᠬᠤᠷᠢᠶ᠎ᠠ ᠪᠠ ᠬᠤᠲᠠ ᠶᠢᠨ ᠨᠠᠮ ᠤᠨ ᠬᠤᠷᠢᠶ᠎ᠠ ᠶᠢᠨ ᠱᠠᠭᠠᠷᠳᠠᠯᠭ᠎ᠠ ᠪᠠᠶᠢᠷᠢᠯᠠᠭᠤᠯᠤᠯᠲᠠ ᠶᠢ ᠲᠡᠷᠡ ᠬᠡᠪ ᠢᠶᠠᠷ ᠨᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠳᠠᠶᠢᠴᠢᠨ ᠪᠠᠬᠢᠯᠡᠯᠲᠡ ᠶᠢᠨ ᠦᠢᠯᠡᠳᠦᠯ ᠪᠠ ᠬᠤᠰᠢᠭᠤᠴᠢ ᠵᠢᠱᠢᠶᠡᠴᠢ ᠶᠢᠨ ᠦᠢᠯᠡᠳᠦᠯ ᠢ ᠭᠦᠢᠴᠡᠳ ᠪᠠᠳᠠᠷᠠᠭᠤᠯᠤᠨ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠪᠥᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠰᠡᠷᠭᠡᠶᠢᠯᠡᠯᠲᠡ ᠶᠢᠨ ᠱᠤᠭᠤᠮ ᠢ ᠡᠷᠡᠰ ᠪᠠᠲᠤ ᠪᠠᠶᠢᠭᠤᠯᠤᠨ᠂ ᠨᠠᠮ ᠤᠨ ᠲᠤᠭ ᠢ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠨᠢᠭᠡᠳᠦᠭᠡᠷ ᠹᠷᠣᠨᠲ ᠲᠤ ᠥᠨᠳᠥᠷ ᠨᠠᠮᠢᠷᠠᠭᠤᠯᠤᠨ᠎ᠠ᠃        ᠨᠢᠭᠡ ᠳᠤ᠂ ᠤᠯᠤᠰ ᠲᠦᠷᠦ ᠶᠢᠨ ᠵᠣᠭᠰᠣᠴᠠ ᠪᠠᠨ ᠳᠡᠭᠡᠭᠰᠢᠯᠡᠭᠦᠯᠵᠦ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠶᠠᠪᠤᠴᠠ ᠳᠤ ᠡᠭᠦᠷᠭᠡ ᠬᠠᠷᠢᠭᠤᠴᠠᠯᠭ᠎ᠠ ᠪᠠᠨ ᠭᠦᠢᠴᠡᠳ ᠡᠭᠦᠷᠭᠡᠯᠡᠬᠦ ᠬᠡᠷᠡᠭᠲᠡᠢ᠃ ᠪᠦᠬᠦ ᠬᠤᠲᠠ ᠶᠢᠨ ᠡᠯ᠎ᠡ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠪᠣᠯᠤᠨ ᠨᠠᠮ ᠤᠨ ᠭᠡᠰᠢᠭᠦᠨ ᠤᠯᠤᠰ ᠲᠥᠷᠥ ᠶᠢᠨ ᠵᠣᠭᠰᠣᠴᠠ ᠪᠠᠨ ᠳᠡᠭᠡᠭᠰᠢᠯᠡᠭᠦᠯᠵᠦ᠂ ᠬᠠᠷᠢᠭᠤᠴᠠᠯᠭ᠎ᠠ ᠡᠭᠦᠷᠭᠡᠯᠡᠯ ᠢᠶᠠᠨ ᠴᠢᠩᠭᠠᠳᠬᠠᠵᠤ᠂ ᠣᠳᠣᠬᠠᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠰᠠᠶᠢᠲᠤᠷ ᠬᠢᠬᠦ ᠶᠢᠨ ᠴᠢᠬᠤᠯᠠ ᠴᠢᠨᠠᠷ ᠪᠠ ᠲᠤᠯᠭᠠᠮ᠎ᠠ ᠴᠢᠨᠠᠷ ᠢ ᠭᠦᠨᠵᠡᠭᠡᠢ ᠲᠠᠨᠢᠵᠤ᠂ ᠦᠵᠡᠯ ᠰᠠᠨᠠᠭ᠎ᠠ ᠪᠠ ᠦᠢᠯᠡ ᠠᠵᠢᠯᠯᠠᠭ᠎ᠠ ᠪᠠᠨ ᠬᠤᠳᠠ ᠶᠢᠨ ᠨᠠᠮ ᠤᠨ ᠬᠤᠷᠢᠶᠠᠨ ᠤ ᠰᠢᠢᠳᠪᠦᠷᠢᠲᠦ ᠪᠤᠳᠤᠯᠭ᠎ᠠ ᠪᠠᠶᠢᠷᠢᠯᠠᠭᠤᠯᠤᠯᠲᠠ ᠳᠡᠭᠡᠷ᠎ᠡ ᠦᠳᠲᠡᠷ ᠲᠦᠷᠭᠡᠨ ᠨᠢᠭᠡᠳᠬᠡᠵᠦ᠂ ︽ᠲᠦᠷᠪᠡᠨ ᠲᠠᠯ᠎ᠠ︾ ᠶᠢᠨ ᠬᠠᠷᠢᠭᠤᠴᠠᠯᠭ᠎ᠠ ᠶᠢ ᠪᠣᠳᠠᠲᠠᠶᠢᠵᠢᠭᠤᠯᠵᠤ᠂ ︽ᠲᠦᠷᠪᠡᠨ ᠡᠷᠲᠡ︾ ᠶᠢᠨ ᠠᠷᠭ᠎ᠠ ᠬᠡᠮᠵᠢᠶ᠎ᠡ ᠪᠠ ︽ᠲᠤᠯᠤᠭᠠᠨ ᠲᠠᠯ᠎ᠠ ᠪᠠᠷ ᠪᠣᠰᠣᠯᠴᠠᠬᠤ︾ ᠱᠠᠭᠠᠷᠳᠠᠯᠭ᠎ᠠ ᠶᠢ ᠨᠠᠶᠢᠳᠠᠪᠤᠷᠢᠵᠢᠭᠤᠯᠵᠤ᠂ ᠬᠤᠯᠪᠣᠭᠠᠯᠠᠨ ᠰᠡᠷᠭᠡᠶᠢᠯᠡᠵᠦ ᠬᠤᠯᠪᠣᠭᠠᠯᠠᠨ ᠡᠵᠡᠮᠳᠡᠬᠦ᠂ ᠤᠯᠠᠨ ᠢᠶᠠᠷ ᠢᠶᠠᠨ ᠰᠡᠷᠭᠡᠶᠢᠯᠡᠵᠦ ᠤᠯᠠᠨ ᠢᠶᠠᠷ ᠢᠶᠠᠨ ᠡᠵᠡᠮᠳᠡᠬᠦ ᠶᠢ ᠴᠢᠩᠭᠠᠳᠬᠠᠵᠤ᠂ ᠰᠢᠨᠵᠢᠯᠡᠬᠦ ᠤᠬᠠᠭᠠᠨᠴᠢ ᠪᠠᠷ ᠰᠡᠷᠭᠡᠶᠢᠯᠡᠨ ᠡᠵᠡᠮᠳᠡᠬᠦ᠂ ᠤᠨᠢᠨ ᠳᠡᠭᠡᠷ᠎ᠡ ᠨᠢ ᠰᠡᠷᠭᠡᠶᠢᠯᠡᠨ ᠡᠵᠡᠮᠳᠡᠬᠦ ᠶᠢ ᠪᠡᠶᠡᠯᠡᠭᠦᠯᠵᠦ᠂ ᠠᠷᠠᠳ ᠤᠯᠠᠨ ᠤ ᠠᠮᠢ ᠨᠠᠰᠤᠨ ᠤ ᠠᠮᠤᠷ ᠲᠦᠪᠰᠢᠨ ᠪᠠ ᠪᠡᠶ᠎ᠡ ᠮᠠᠬᠠᠪᠣᠳ ᠤᠨ ᠡᠷᠡᠭᠦᠯ ᠮᠡᠨᠳᠤ ᠶᠢ ᠦᠨᠡᠨᠬᠦ ᠬᠠᠮᠠᠭᠠᠯᠠᠬᠤ ᠬᠡᠷᠡᠭᠲᠡᠢ᠃ ᠨᠠᠮ ᠤᠨ ᠲᠡᠦᠬᠡ ᠶᠢᠨ ᠰᠤᠷᠤᠯᠴᠠᠯᠭ᠎ᠠ ᠬᠥᠮᠦᠵᠢᠯ ᠠᠴᠠ ᠣᠷᠭᠢᠯᠣᠨ ᠪᠠᠳᠠᠷᠠᠭᠰᠠᠨ ᠬᠠᠯᠠᠭᠤᠨ ᠰᠡᠳᠬᠢᠯᠭᠡ ᠶᠢ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠰᠠᠶᠢᠲᠤᠷ ᠬᠢᠬᠦ ᠶᠢᠨ ᠳᠣᠲᠣᠭᠠᠳᠤ ᠬᠥᠳᠡᠯᠭᠡᠬᠦ ᠬᠦᠴᠦᠨ ᠪᠣᠯᠭᠠᠨ ᠬᠤᠪᠢᠷᠠᠭᠤᠯᠵᠤ᠂ ᠠᠵᠢᠯ ᠢᠶᠠᠨ ᠰᠠᠶᠢᠲᠤᠷ ᠤᠶᠠᠯᠳᠤᠭᠤᠯᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠶᠠᠪᠤᠴᠠ ᠳᠤ ᠤᠭ ᠰᠠᠨᠠᠭ᠎ᠠ ᠡᠭᠦᠷᠭᠡ ᠬᠠᠷᠢᠭᠤᠴᠠᠯᠭ᠎ᠠ ᠪᠠᠨ ᠦᠢᠯᠡᠳᠦᠯᠭᠡᠵᠢᠭᠦᠯᠵᠦ᠂ ᠪᠣᠳᠠᠲᠤ ᠠᠵᠢᠯᠯᠠᠭ᠎ᠠ ᠪᠠᠷ ᠢᠶᠠᠨ ᠬᠠᠷᠢᠭᠤᠴᠠᠯᠭ᠎ᠠ ᠡᠭᠦᠷᠭᠡᠯᠡᠯ ᠢᠶᠠᠨ ᠢᠯᠡᠷᠡᠭᠦᠯᠬᠦ ᠬᠡᠷᠡᠭᠲᠡᠢ᠃        ᠬᠤᠶᠠᠷ ᠲᠤ᠂ ᠨᠠᠮ ᠤᠨ ᠪᠠᠶᠢᠭᠤᠯᠤᠯᠲᠠ ᠪᠠᠷ ᠬᠦᠳᠦᠯᠦᠨ ᠳᠠᠭᠠᠭᠤᠯᠬᠤ ᠶᠢ ᠴᠢᠩᠭᠠᠳᠬᠠᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠳᠤᠮᠳᠠ ᠲᠠᠶᠢᠴᠢᠨ ᠪᠠᠬᠢᠯᠡᠯᠲᠡ ᠶᠢ ᠪᠠᠬᠢᠵᠢᠭᠦᠯᠬᠦ ᠬᠡᠷᠡᠭᠲᠡᠢ᠃ ᠪᠦᠬᠦ ᠬᠤᠲᠠ ᠶᠢᠨ ᠡᠯ᠎ᠡ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠳᠠᠶᠢᠴᠢᠨ ᠪᠠᠬᠢᠯᠡᠯᠲᠡ ᠶᠢᠨ ᠦᠢᠯᠡᠳᠦᠯ ᠢᠶᠠᠨ ᠭᠦᠢᠴᠡᠳ ᠪᠠᠳᠠᠷᠠᠭᠤᠯᠵᠤ᠂ ᠨᠠᠮ ᠤᠨ ᠪᠠᠶᠢᠭᠤᠯᠤᠯᠲᠠ ᠪᠠᠷ ᠤᠳᠤᠷᠢᠳᠤᠮᠵᠢ ᠪᠣᠯᠭᠠᠬᠤ ᠶᠢ ᠪᠠᠷᠢᠮᠲᠠᠯᠠᠵᠤ᠂ ᠣᠷᠣᠨ ᠪᠦᠰᠡ ᠶᠢᠨ ᠵᠠᠰᠠᠯᠲᠠ᠂ ᠰᠠᠯᠠᠭ᠎ᠠ ᠮᠥᠴᠢᠷ ᠤᠨ ᠵᠠᠰᠠᠯᠲᠠ᠂ ᠠᠵᠢᠯ ᠲᠥᠷᠥᠯ ᠤᠨ ᠵᠠᠰᠠᠯᠲᠠ᠂ ᠦᠨᠳᠦᠰᠦᠨ ᠱᠠᠲᠤᠨ ᠤ ᠵᠠᠰᠠᠯᠲᠠ᠂ ᠨᠢᠭᠡᠴᠡ ᠶᠢᠨ ᠵᠠᠰᠠᠯᠲᠠ ᠶᠢ ᠣᠷᠭᠠᠨᠢᠭ ᠢᠶᠠᠷ ᠤᠶᠠᠯᠳᠤᠭᠤᠯᠵᠤ᠂ ᠣᠯᠠᠨ ᠲᠦᠮᠡᠨ ᠢ ᠥᠷᠭᠡᠨ ᠢᠶᠠᠷ ᠳᠠᠶᠢᠴᠢᠯᠠᠨ ᠣᠯᠠᠨ ᠲᠦᠮᠡᠨ ᠢ ᠵᠣᠬᠢᠶᠠᠨ ᠪᠠᠶᠢᠭᠤᠯᠵᠤ᠂ ᠤᠯᠤᠰ ᠲᠥᠷᠥ ᠶᠢᠨ ᠳᠠᠪᠠᠭᠤᠯᠢᠭ᠂ ᠵᠣᠬᠢᠶᠠᠨ ᠪᠠᠶᠢᠭᠤᠯᠤᠯᠲᠠ ᠶᠢᠨ ᠳᠠᠪᠠᠭᠤᠯᠢᠭ ᠢ ᠬᠦᠢᠴᠡᠳ ᠪᠠᠳᠠᠷᠠᠭᠤᠯᠤᠨ᠂ ᠭᠤᠤᠯᠳᠠᠯᠭ᠎ᠠ ᠲᠠᠢ ᠭᠠᠵᠠᠷ ᠣᠷᠣᠨ ᠤ ᠭᠤᠤᠯᠳᠠᠯᠭ᠎ᠠ ᠲᠠᠢ ᠬᠥᠮᠦᠰ᠂ ᠭᠤᠤᠯᠳᠠᠯᠭ᠎ᠠ ᠲᠠᠢ ᠲᠠᠯᠠᠪᠤᠷ ᠭᠠᠵᠠᠷ ᠢ ᠬᠠᠮᠢᠶᠠᠷᠤᠨ ᠡᠵᠡᠮᠳᠡᠬᠦ ᠶᠢ ᠴᠢᠩᠭᠠᠳᠬᠠᠵᠤ᠂ ᠣᠯᠠᠨ ᠢᠶᠠᠷ ᠢᠶᠠᠨ ᠰᠡᠷᠭᠡᠶᠢᠯᠡᠵᠦ ᠣᠯᠠᠨ ᠢᠶᠠᠷ ᠢᠶᠠᠨ ᠡᠵᠡᠮᠳᠡᠬᠦ᠂ ᠬᠤᠯᠪᠣᠭᠠᠯᠠᠨ ᠰᠡᠷᠭᠡᠶᠢᠯᠡᠵᠦ ᠬᠤᠯᠪᠣᠭᠠᠯᠠᠨ ᠡᠵᠡᠮᠳᠡᠬᠦ᠂ ᠰᠢᠨᠵᠢᠯᠡᠬᠦ ᠤᠬᠠᠭᠠᠨᠴᠢ ᠪᠠᠷ ᠰᠡᠷᠭᠡᠶᠢᠯᠡᠨ ᠡᠵᠡᠮᠳᠡᠬᠦ ᠬᠦᠴᠦᠷᠬᠡᠭ ᠶᠡᠭᠡ ᠨᠡᠶᠢᠯᠡᠮᠡᠯ ᠬᠦᠴᠦᠨ ᠢ ᠦᠨᠡᠨᠬᠦ ᠪᠣᠶ ᠪᠣᠯᠭᠠᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠴᠢᠩᠭ᠎ᠠ ᠰᠡᠷᠭᠡᠶᠢᠯᠡᠯᠲᠡ ᠶᠢᠨ ᠱᠤᠭᠤᠮ ᠢ ᠪᠠᠬᠢᠵᠢᠭᠦᠯᠦᠨ᠎ᠡ᠃ ᠰᠤᠮᠤ ᠵᠡᠭᠡᠯᠢ ᠭᠤᠳᠤᠮᠵᠢ᠂ ᠭᠠᠴᠠᠭ᠎ᠠ ᠲᠣᠰᠬᠤᠨ ᠤ ᠨᠡᠶᠢᠭᠡᠮ ᠲᠣᠭᠤᠷᠢᠭ ᠤᠨ ᠨᠠᠮ ᠤᠨ ᠵᠣᠬᠢᠶᠠᠨ ᠪᠠᠶᠢᠭᠤᠯᠤᠯᠲᠠ ᠨᠢ ᠰᠦᠯᠵᠢᠶᠡᠨ ᠤ ᠠᠵᠢᠯᠲᠠᠨ ᠤ ᠦᠢᠯᠡᠳᠦᠯ ᠢ ᠪᠠᠳᠠᠷᠠᠭᠤᠯᠵᠤ᠂ ᠦᠨᠳᠦᠰᠦᠨ ᠱᠠᠲᠤᠨ ᠤ ᠰᠡᠷᠭᠡᠶᠢᠯᠡᠨ ᠡᠵᠡᠮᠳᠡᠬᠦ ᠲᠣᠤᠷ ᠰᠦᠯᠵᠢᠶ᠎ᠡ ᠶᠢ ᠡᠷᠡᠰ ᠴᠢᠩᠭ᠎ᠠ ᠨᠢᠭᠲᠠ ᠰᠦᠯᠵᠢᠵᠦ᠂ ᠬᠠᠷᠢᠶ᠎ᠠ ᠭᠠᠵᠠᠷ ᠤᠨ ᠰᠡᠷᠭᠡᠶᠢᠯᠡᠨ ᠡᠵᠡᠮᠳᠡᠬᠦ ᠴᠢᠬᠤᠯᠠ ᠬᠠᠷᠢᠭᠤᠴᠠᠯᠭ᠎ᠠ ᠶᠢ ᠡᠭᠦᠷᠭᠡᠯᠡᠵᠦ᠂ ᠠᠷᠠᠳ ᠣᠯᠠᠨ ᠢ ᠴᠢᠩᠭ᠎ᠠ ᠲᠦᠰᠢᠭᠯᠡᠨ᠂ ᠪᠦᠲᠦᠮᠵᠢᠲᠡᠶ ᠣᠷᠣᠨ ᠪᠦᠰᠡ ᠶᠢᠨ ᠬᠠᠮᠢᠶᠠᠷᠤᠨ ᠡᠵᠡᠮᠳᠡᠬᠦ ᠶᠢ ᠬᠡᠷᠡᠭᠵᠢᠭᠦᠯᠵᠦ᠂ ᠮᠠᠨ ᠤ ᠬᠤᠲᠠ ᠳᠤ ᠪᠤᠴᠠᠵᠤ ᠢᠷᠡᠬᠦ ᠬᠥᠮᠦᠰ ᠤᠨ ᠬᠠᠮᠢᠶᠠᠷᠤᠯᠲᠠ ᠶᠢ ᠴᠢᠩᠭᠠᠳᠬᠠᠨ᠂ ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠤᠨ ᠳᠤᠮᠳᠠᠬᠢ ︽ᠬᠤᠪᠢᠰᠬᠠᠯ ᠤᠨ ᠰᠡᠷᠭᠡᠶᠢᠯᠡᠯᠲᠡ ᠶᠢᠨ ᠱᠤᠭᠤᠮ︾ ᠢ ᠪᠠᠲᠤ ᠴᠣᠭᠴᠠᠯᠠᠬᠤ ᠬᠡᠷᠡᠭᠲᠡᠶ᠃ ᠪᠤᠰᠤᠳ ᠪᠠᠶᠢᠭᠤᠯᠤᠯᠭ᠎ᠠ ᠠᠵᠤ ᠠᠬᠤᠶᠢᠯᠠᠯ ᠠᠵᠢᠯ ᠦᠢᠯᠡᠰ ᠤᠨ ᠨᠢᠭᠡᠴᠡ ᠪᠣᠯᠤᠨ ᠨᠡᠶᠢᠭᠡᠮ ᠤᠨ ᠵᠣᠬᠢᠶᠠᠨ ᠪᠠᠶᠢᠭᠤᠯᠤᠯᠲᠠ ᠨᠠᠮ ᠤᠨ ᠵᠣᠬᠢᠶᠠᠨ ᠪᠠᠶᠢᠭᠤᠯᠤᠯᠲᠠ ᠨᠤᠭᠤᠳ ᠲᠣᠰ ᠨᠢᠭᠡᠴᠡ ᠶᠢᠨ ᠢᠶᠠᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠢ ᠬᠢᠨᠠᠮᠠᠭᠠᠶ ᠰᠠᠶᠢᠲᠤᠷ ᠬᠢᠬᠦ ᠶᠢᠨ ᠬᠠᠮᠲᠤ᠂ ᠬᠠᠷᠢᠶ᠎ᠠ ᠭᠠᠵᠠᠷ ᠤᠨ ᠨᠠᠮ ᠤᠨ ᠵᠣᠬᠢᠶᠠᠨ ᠪᠠᠶᠢᠭᠤᠯᠤᠯᠲᠠ ᠯᠤᠭ᠎ᠠ ᠬᠠᠮᠵᠢᠯᠴᠠᠨ ᠬᠠᠮᠵᠢᠯᠴᠠᠬᠤ ᠪᠠᠨ ᠴᠢᠩᠭᠠᠳᠬᠠᠵᠤ᠂ ᠳᠠᠭᠠᠭᠠᠨ ᠬᠤᠯᠪᠣᠭᠠᠯᠠᠬᠤ ᠡᠭᠦᠷᠭᠡ ᠪᠣᠯᠤᠨ ᠠᠵᠢᠯ ᠳᠤ ᠪᠠᠶᠢᠭ᠎ᠠ ᠨᠠᠮ ᠤᠨ ᠭᠡᠰᠢᠭᠦᠨ ᠤ ᠨᠡᠶᠢᠭᠡᠮ ᠲᠣᠭᠤᠷᠢᠭ ᠲᠤ ᠣᠷᠣᠬᠤ ᠠᠵᠢᠯ ᠲᠠᠢ ᠤᠶᠠᠯᠳᠤᠭᠤᠯᠤᠨ᠂ ᠲᠥᠷᠥ ᠶᠢᠨ ᠪᠣᠳᠣᠯᠭ᠎ᠠ ᠶᠢᠨ ᠤᠬᠠᠭᠤᠯᠭ᠎ᠠ᠂ ᠠᠵᠢᠯᠲᠠᠨ ᠢ ᠲᠡᠮᠲᠡᠷᠢᠨ ᠭᠠᠳᠠᠭᠰᠢᠯᠠᠭᠤᠯᠬᠤ᠂ ᠪᠥᠭᠡᠮ ᠬᠦᠴᠢᠯ ᠢ ᠪᠠᠶᠢᠴᠠᠭᠠᠨ ᠰᠢᠯᠭᠠᠬᠤ᠂ ᠵᠢᠵᠢᠭᠦᠷᠯᠡᠨ ᠵᠢᠵᠢᠭᠦᠷᠯᠡᠨ ᠰᠠᠬᠢᠬᠤ ᠵᠡᠷᠭᠡ ᠠᠵᠢᠯ ᠢ ᠰᠠᠶᠢᠲᠤᠷ ᠬᠢᠵᠦ᠂ ᠰᠡᠷᠭᠡᠶᠢᠯᠡᠨ ᠡᠵᠡᠮᠳᠡᠬᠦ ᠲᠣᠤᠷ ᠰᠦᠯᠵᠢᠶ᠎ᠡ ᠶᠢ ᠬᠠᠮᠲᠤᠪᠠᠷ ᠨᠢᠭᠲᠠ ᠪᠠᠶᠢᠭᠤᠯᠬᠤ ᠬᠡᠷᠡᠭᠲᠡᠶ᠃        ᠭᠤᠷᠪᠠ ᠳᠤ᠂ ᠬᠤᠰᠢᠭᠤᠴᠢ ᠵᠢᠱᠢᠶᠡᠴᠢ ᠪᠣᠯᠬᠤ ᠪᠠᠷ ᠴᠢᠷᠮᠠᠶᠢᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠶᠠᠪᠤᠴᠠ ᠳᠤ ᠨᠠᠮ ᠤᠨ ᠰᠦᠯᠳᠡ ᠪᠠᠨ ᠭᠢᠯᠠᠯᠵᠠᠭᠤᠯᠬᠤ ᠬᠡᠷᠡᠭᠲᠡᠢ᠃ ᠪᠥᠬᠦ ᠬᠤᠲᠠ ᠶᠢᠨ ᠥᠷᠭᠡᠨ ᠣᠯᠠᠨ ᠨᠠᠮ ᠤᠨ ᠭᠡᠰᠢᠭᠦᠨ ᠬᠤᠲᠠ ᠶᠢᠨ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ ᠤᠨ ᠠᠵᠢᠯ ᠤᠨ ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠦᠳᠲᠡᠷ ᠲᠦᠷᠭᠡᠨ ᠬᠥᠳᠡᠯᠦᠯᠴᠡᠵᠦ᠂ ᠵᠢᠯᠣᠭᠤᠳᠣᠯᠭ᠎ᠠ ᠶᠢ ᠳᠠᠭᠠᠵᠤ᠂ ᠠᠵᠢᠯ ᠤᠨ ᠪᠠᠶᠢᠷᠢ ᠪᠠᠨ ᠪᠠᠲᠤ ᠰᠠᠬᠢᠵᠤ᠂ ᠡᠭᠦᠷᠭᠡ ᠬᠠᠷᠢᠭᠤᠴᠠᠯᠭ᠎ᠠ ᠪᠠᠨ ᠭᠦᠢᠴᠡᠳᠭᠡᠨ ᠨᠡᠶᠢᠭᠡᠮ ᠤᠨ ᠬᠠᠷᠢᠭᠤᠴᠠᠯᠭ᠎ᠠ᠂ ᠠᠵᠢᠯ ᠤᠨ ᠪᠠᠶᠢᠷᠢ ᠶᠢᠨ ᠬᠠᠷᠢᠭᠤᠴᠠᠯᠭ᠎ᠠ ᠶᠢ ᠰᠠᠨᠠᠭᠠᠴᠢᠯᠠᠭ᠎ᠠ ᠠᠴᠠ ᠪᠠᠨ ᠡᠭᠦᠷᠭᠡᠯᠡᠬᠦ ᠬᠡᠷᠡᠭᠲᠡᠶ᠃ ᠶᠠᠷᠢᠶ᠎ᠠ ᠬᠡᠯᠡᠯᠴᠡᠭᠡᠨ ᠤ ᠤᠬᠠᠭᠤᠯᠭ᠎ᠠ ᠪᠠᠷ ᠬᠥᠲᠥᠯᠥᠨ ᠵᠢᠯᠣᠭᠤᠳᠬᠤ ᠠᠵᠢᠯ ᠢ ᠲᠦᠷᠦᠭᠦᠯᠡᠨ ᠰᠠᠶᠢᠲᠤᠷ ᠬᠢᠵᠦ᠂ ᠬᠢᠵᠢᠭ ᠤᠨ ᠪᠠᠶᠢᠳᠠᠯ ᠤᠨ ᠠᠶᠤᠯ ᠲᠦᠭᠰᠢᠭᠦᠷᠢ ᠳᠤ ᠣᠶᠤᠨᠴᠢ ᠪᠠᠷ ᠬᠠᠨᠳᠤᠵᠤ᠂ ᠴᠤᠤᠷᠬᠠᠯ ᠢ ᠢᠲᠡᠭᠡᠬᠦ ᠦᠭᠡᠢ᠂ ᠴᠤᠤᠷᠬᠠᠯ ᠢ ᠲᠠᠷᠬᠠᠭᠠᠬᠤ ᠦᠭᠡᠢ᠂ ᠴᠤᠤᠷᠬᠠᠯ ᠲᠠᠯᠪᠢᠬᠤ ᠦᠭᠡᠢ ᠪᠠᠶᠢᠵᠤ᠂ ᠤᠯᠠᠨ ᠲᠦᠮᠡᠨ ᠢ ᠬᠥᠮᠦᠵᠢᠭᠦᠯᠦᠨ ᠬᠥᠲᠥᠯᠥᠨ ᠵᠢᠯᠣᠭᠤᠳᠴᠤ ᠪᠠᠶᠢᠭᠠᠳ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠰᠠᠨᠠᠭᠠᠴᠢᠯᠠᠭ᠎ᠠ ᠠᠴᠠ ᠪᠠᠨ ᠨᠠᠶᠢᠳᠠᠪᠤᠷᠢᠵᠢᠭᠤᠯᠬᠤ ᠬᠡᠷᠡᠭᠲᠡᠶ᠃ ᠲᠦᠷᠦᠭᠦᠯᠡᠨ ᠰᠢᠨ᠎ᠡ ᠸᠠᠺᠼᠢᠨ ᠤ ᠲᠠᠷᠢᠯᠭ᠎ᠠ ᠬᠢᠵᠦ᠂ ᠥᠪᠡᠷ ᠤᠨ ᠪᠡᠶ᠎ᠡ ᠶᠢᠨ ᠡᠷᠡᠭᠦᠯ ᠮᠡᠨᠳᠦ ᠶᠢᠨ ᠬᠢᠨᠠᠨ ᠬᠡᠮᠵᠢᠯᠲᠡ ᠶᠢ ᠰᠠᠶᠢᠲᠤᠷ ᠬᠢᠵᠦ᠂ ᠬᠡᠷ ᠤᠨ ᠬᠥᠮᠦᠰ ᠪᠠ ᠳᠡᠷᠭᠡᠳᠡᠬᠢ ᠲᠥᠷᠥᠯ ᠰᠠᠳᠤᠨ ᠢᠶᠠᠨ ᠰᠠᠶᠢᠲᠤᠷ ᠬᠠᠮᠢᠶᠠᠷᠴᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠬᠠᠯᠬᠠᠪᠴᠢ ᠶᠢ ᠬᠠᠮᠲᠤᠪᠠᠷ ᠪᠠᠬᠢᠵᠢᠭᠦᠯᠬᠦ ᠬᠡᠷᠡᠭᠲᠡᠶ᠃ ︽ᠪᠢ ᠣᠯᠠᠨ ᠲᠦᠮᠡᠨ ᠳᠤ ᠪᠣᠳᠠᠲᠤ ᠶᠠᠪᠤᠳᠠᠯ ᠬᠢᠵᠦ ᠥᠭᠬᠦ︾ ᠦᠢᠯᠡᠳᠦᠯᠭᠡ ᠶᠢᠨ ᠠᠵᠢᠯᠯᠠᠭ᠎ᠠ ᠲᠠᠢ ᠤᠶᠠᠯᠳᠤᠭᠤᠯᠵᠤ᠂ ᠨᠠᠮ ᠤᠨ ᠵᠣᠬᠢᠶᠠᠨ ᠪᠠᠶᠢᠭᠤᠯᠤᠯᠲᠠ ᠶᠢᠨ ᠬᠤᠪᠢᠶᠠᠷᠢᠯᠠᠭᠰᠠᠨ ᠠᠵᠢᠯ ᠤᠨ ᠡᠭᠦᠷᠭᠡ ᠶᠢ ᠰᠠᠨᠠᠭᠠᠴᠢᠯᠠᠭ᠎ᠠ ᠠᠴᠠ ᠪᠠᠨ ᠤᠬᠠᠭᠤᠯᠭ᠎ᠠ ᠬᠥᠮᠦᠵᠢᠯ᠂ ᠬᠦᠴᠢᠷᠳᠡᠯ ᠢ ᠬᠠᠪᠰᠤᠷᠤᠨ ᠲᠡᠳᠬᠦᠬᠦ᠂ ᠠᠮᠤᠷ ᠲᠦᠪᠰᠢᠨ ᠲᠣᠭᠲᠠᠭᠤᠨ ᠵᠡᠷᠭᠡ ᠠᠵᠢᠯ ᠳᠤ ᠢᠳᠡᠪᠬᠢᠲᠡᠢ ᠣᠷᠣᠯᠴᠠᠵᠤ᠂ ᠡᠭᠦᠷᠭᠡ ᠬᠠᠮᠤᠭ ᠤᠨ ᠬᠦᠨᠳᠦ᠂ ᠤᠯᠠᠨ ᠲᠦᠮᠡᠨ ᠳᠤ ᠬᠠᠮᠤᠭ ᠠᠴᠠ ᠬᠡᠷᠡᠭᠴᠡᠭᠡ ᠲᠠᠢ ᠭᠠᠵᠠᠷ ᠲᠤ ᠬᠦᠷᠴᠦ᠂ ᠲᠦᠷᠦᠭᠦᠯᠡᠨ ᠠᠵᠢᠯ ᠤᠨ ᠪᠠᠶᠢᠷᠢ ᠪᠠᠨ ᠪᠠᠲᠤ ᠰᠠᠬᠢᠵᠤ᠂ ᠰᠠᠬᠢᠯᠭ᠎ᠠ ᠪᠠᠲᠤ ᠶᠢ ᠴᠢᠩᠭ᠎ᠠ ᠰᠠᠬᠢᠵᠤ᠂ ᠯᠠᠪᠳᠠᠭᠤᠨ ᠪᠠᠲᠤᠲᠠᠢ ᠠᠵᠢᠯᠯᠠᠵᠤ᠂ ᠡᠩ ᠤᠨ ᠦᠶ᠎ᠡ ᠳᠤ ᠦᠵᠡᠵᠦ ᠭᠠᠷᠬᠤ᠂ ᠵᠠᠩᠭᠢᠯᠠᠭ᠎ᠠ ᠶᠢᠨ ᠦᠶ᠎ᠡ ᠳᠤ ᠵᠣᠭᠰᠣᠵᠤ ᠳᠡᠶᠢᠯᠬᠦ᠂ ᠠᠶᠤᠯ ᠲᠦᠭᠰᠢᠭᠦᠷᠢ ᠲᠠᠢ ᠵᠠᠩᠭᠢᠯᠠᠭ᠎ᠠ ᠶᠢᠨ ᠦᠶ᠎ᠡ ᠳᠤ ᠠᠮᠢ ᠴᠦᠯᠡᠨ ᠲᠡᠮᠡᠴᠡᠬᠦ ᠶᠢ ᠪᠡᠶᠡᠯᠡᠭᠦᠯᠵᠦ᠂ ᠨᠠᠮ ᠤᠨ ᠰᠦᠯᠳᠡ ᠶᠢ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠨᠢᠭᠡᠳᠦᠭᠡᠷ ᠹᠷᠣᠨᠲ ᠲᠤ ᠬᠢᠯᠠᠯᠵᠠᠭᠤᠯᠬᠤ ᠬᠡᠷᠡᠭᠲᠡᠢ᠃        ᠲᠦᠷᠪᠡ ᠳᠤ᠂ ᠶᠣᠰᠣ ᠲᠦᠷᠢᠮ ᠤᠨ ᠤᠬᠠᠮᠰᠠᠷ ᠢ ᠪᠠᠲᠤ ᠪᠤᠢ ᠪᠣᠯᠭᠠᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠳᠤᠮᠳᠠ ᠴᠠᠭᠠᠷᠠᠭᠰᠠᠨ ᠬᠡᠪ ᠴᠢᠨᠠᠷ ᠢᠶᠠᠨ ᠳᠠᠪᠲᠠᠨ ᠪᠣᠯᠪᠠᠰᠤᠷᠠᠭᠤᠯᠬᠤ ᠬᠡᠷᠡᠭᠲᠡᠢ᠃ ᠪᠦᠬᠦ ᠬᠤᠲᠠ ᠶᠢᠨ ᠡᠯ᠎ᠡ ᠱᠠᠲᠤᠨ ᠤ ᠨᠠᠮ ᠤᠨ ᠭᠡᠰᠢᠭᠦᠨ ᠤᠳᠤᠷᠢᠳᠬᠤ ᠺᠠᠳ᠋ᠷᠴᠤᠳ ᠬᠢᠵᠢᠭ ᠤᠨ ᠪᠠᠶᠢᠳᠠᠯ ᠢ ᠬᠡᠷᠡᠭᠵᠢᠭᠦᠯᠬᠦ ᠬᠤᠭᠤᠴᠠᠭᠠᠨ ᠳᠠᠬᠢ ᠡᠯ᠎ᠡ ᠵᠦᠢᠯ ᠤᠨ ᠰᠠᠬᠢᠯᠭ᠎ᠠ ᠪᠠᠲᠤ ᠶᠢᠨ ᠱᠠᠭᠠᠷᠳᠠᠯᠭ᠎ᠠ ᠶᠢ ᠣᠳᠣᠬᠠᠨ ᠤ ᠴᠢᠬᠤᠯᠠ ᠤᠯᠤᠰ ᠲᠥᠷᠥ ᠶᠢᠨ ᠡᠭᠦᠷᠭᠡ ᠪᠣᠯᠭᠠᠵᠤ᠂ ᠰᠠᠬᠢᠯᠭ᠎ᠠ ᠪᠠᠲᠤ ᠶᠢ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠤᠨ ᠨᠢᠭᠡᠳᠦᠭᠡᠷ ᠹᠷᠣᠨᠲ ᠲᠤ ᠲᠠᠯᠪᠢᠬᠤ ᠶᠢ ᠪᠠᠷᠢᠮᠲᠠᠯᠠᠵᠤ᠂ ᠲᠥᠪ ᠬᠤᠷᠢᠶ᠎ᠠ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠲᠦᠩᠯᠢᠶᠣᠤ ᠬᠤᠲᠠ ᠶᠢᠨ ᠨᠠᠮ ᠤᠨ ᠬᠤᠷᠢᠶ᠎ᠠ ᠪᠠ ᠬᠤᠲᠠ ᠶᠢᠨ ᠨᠠᠮ ᠤᠨ ᠬᠤᠷᠢᠶ᠎ᠠ ᠶᠢᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠲᠤᠬᠠᠶ ᠡᠯ᠎ᠡ ᠵᠦᠢᠯ ᠤᠨ ᠰᠠᠬᠢᠯᠭ᠎ᠠ ᠪᠠᠲᠤ ᠶᠢᠨ ᠲᠣᠭᠲᠠᠭᠠᠯ ᠢ ᠲᠦᠷᠦᠭᠦᠯᠡᠨ ᠴᠢᠩᠭ᠎ᠠ ᠵᠢᠷᠤᠮᠯᠠᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠤᠬᠠᠮᠰᠠᠷ ᠠᠴᠠ ᠪᠠᠨ ᠨᠠᠶᠢᠳᠠᠪᠤᠷᠢᠵᠢᠭᠤᠯᠤᠨ᠂ ᠴᠢᠩᠭ᠎ᠠ ᠲᠣᠳᠣᠷᠬᠠᠶ ᠰᠠᠬᠢᠯᠭ᠎ᠠ ᠪᠠᠲᠤ ᠪᠠ ᠬᠠᠲᠠᠭᠤ ᠴᠢᠩᠭ᠎ᠠ ᠰᠤᠷᠲᠠᠯ ᠢᠶᠠᠷ ᠡᠯ᠎ᠡ ᠵᠦᠢᠯ ᠤᠨ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠪᠣᠳᠠᠲᠠᠶ ᠪᠠᠷ ᠨᠠᠶᠢᠳᠠᠪᠤᠷᠢᠵᠢᠭᠤᠯᠬᠤ ᠶᠢ ᠦᠨᠡᠨᠬᠦ ᠪᠠᠲᠤᠯᠠᠵᠤ᠂ ᠵᠠᠷᠯᠢᠭ ᠴᠠᠭᠠᠵᠠ ᠶᠢ ᠳᠠᠭᠠᠵᠤ᠂ ᠵᠠᠰᠠᠭ ᠤᠨ ᠵᠠᠷᠯᠢᠭ ᠤᠨ ᠰᠠᠭᠠᠳ ᠥᠬᠡᠶ ᠶᠠᠪᠤᠭᠳᠠᠬᠤ ᠶᠢ ᠦᠨᠡᠨᠬᠦ ᠪᠠᠲᠤᠯᠠᠬᠤ ᠬᠡᠷᠡᠭᠲᠡᠶ᠃ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠠᠵᠢᠯ ᠳᠤ ᠦᠵᠡᠯ ᠰᠠᠨᠠᠭᠠᠨ ᠤ ᠲᠠᠯ᠎ᠠ ᠪᠠᠷ ᠴᠢᠬᠤᠯᠠᠴᠢᠯᠠᠬᠤ ᠥᠬᠡᠶ᠂ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠬᠤ ᠥᠬᠡᠶ᠂ ᠠᠷᠭ᠎ᠠ ᠬᠡᠮᠵᠢᠶ᠎ᠡ ᠶᠢ ᠬᠦᠴᠦᠲᠡᠶ ᠬᠡᠷᠡᠭᠵᠢᠭᠦᠯᠦᠭᠰᠡᠨ ᠥᠬᠡᠶ᠂ ᠠᠵᠢᠯ ᠢᠶᠠᠨ ᠪᠣᠳᠠᠲᠠᠶᠢᠵᠢᠭᠤᠯᠤᠭᠰᠠᠨ ᠥᠬᠡᠶ᠂ ᠬᠠᠷᠢᠭᠤᠴᠠᠯᠭ᠎ᠠ ᠡᠭᠦᠷᠭᠡᠯᠡᠬᠦ ᠥᠬᠡᠶ᠂ ᠠᠵᠢᠯ ᠬᠢᠬᠦ ᠥᠬᠡᠶ᠂ ᠳᠤᠷ᠎ᠠ ᠪᠠᠷ ᠢᠶᠠᠨ ᠠᠵᠢᠯᠯᠠᠭᠠᠳ ᠮᠠᠭᠤ ᠦᠷ᠎ᠡ ᠳ᠋ᠦᠩ ᠭᠠᠷᠭᠠᠭᠰᠠᠨ ᠨᠠᠮ ᠤᠨ ᠭᠡᠰᠢᠭᠦᠨ ᠤᠳᠤᠷᠢᠳᠬᠤ ᠺᠠᠳ᠋ᠷ ᠠᠴᠠ ᠡᠷᠡᠰ ᠬᠠᠷᠢᠭᠤᠴᠠᠯᠭ᠎ᠠ ᠨᠡᠬᠡᠮᠵᠢᠯᠡᠵᠦ ᠬᠠᠷᠢᠭᠤᠴᠠᠯᠭ᠎ᠠ ᠨᠡᠬᠡᠮᠵᠢᠯᠡᠨ᠎ᠡ᠃        ᠬᠤᠲᠠ ᠶᠢᠨ ᠨᠠᠮ ᠤᠨ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ ᠠᠴᠠ ᠬᠢᠵᠢᠭ ᠤᠨ ᠪᠠᠶᠢᠳᠠᠯ ᠢ ᠰᠡᠷᠭᠡᠶᠢᠯᠡᠨ ᠬᠢᠵᠠᠭᠠᠷᠯᠠᠬᠤ ᠨᠢᠭᠡᠳᠦᠭᠡᠷ ᠹᠷᠣᠨᠲ ᠲᠤ ᠤᠳᠤᠷᠢᠳᠬᠤ ᠪᠠᠭ ᠪᠣᠯᠤᠨ ᠤᠳᠤᠷᠢᠳᠬᠤ ᠺᠠᠳ᠋ᠷ ᠢ ᠪᠠᠶᠢᠴᠠᠭᠠᠨ ᠲᠠᠨᠢᠵᠤ᠂ ᠬᠢᠵᠢᠭ ᠤᠨ ᠪᠠᠶᠢᠳᠠᠯ ᠢ ᠰᠡᠷᠭᠡᠶᠢᠯᠡᠨ ᠬᠢᠵᠠᠭᠠᠷᠯᠠᠬᠤ ᠠᠵᠢᠯ ᠢ ᠣᠳᠣᠬᠠᠨ ᠤ ᠬᠠᠮᠤᠭ ᠤᠨ ᠴᠢᠬᠤᠯᠠ ᠠᠵᠢᠯ ᠪᠣᠯᠭᠠᠨ ᠠᠳᠬᠤᠭᠰᠠᠨ ᠡᠰᠡᠬᠦ᠂ ᠬᠢᠵᠢᠭ ᠤᠨ ᠪᠠᠶᠢᠳᠠᠯ ᠢ ᠬᠢᠨᠠᠨ ᠬᠡᠮᠵᠢᠬᠦ᠂ ᠵᠢᠭᠰᠠᠭᠠᠨ ᠪᠠᠶᠢᠴᠠᠭᠠᠬᠤ᠂ ᠤᠷᠢᠳᠴᠢᠯᠠᠨ ᠰᠡᠷᠡᠮᠵᠢᠯᠡᠭᠦᠯᠬᠦ᠂ ᠰᠡᠷᠭᠡᠶᠢᠯᠡᠨ ᠬᠢᠵᠠᠭᠠᠷᠯᠠᠬᠤ ᠵᠡᠷᠭᠡ ᠠᠵᠢᠯ ᠢ ᠴᠢᠩᠭ᠎ᠠ ᠨᠢᠮᠪᠠᠶ ᠰᠠᠶᠢᠲᠤᠷ ᠬᠢᠭᠰᠡᠨ ᠡᠰᠡᠬᠦ ᠶᠢ ᠭᠤᠣᠯᠳᠠᠯᠭ᠎ᠠ ᠲᠠᠢ ᠪᠠᠷ ᠪᠠᠶᠢᠴᠠᠭᠠᠨ ᠦᠵᠡᠬᠦ ᠪᠣᠯᠤᠨ᠎ᠠ᠃ ᠤᠳᠤᠷᠢᠳᠬᠤ ᠪᠠᠭ ᠪᠣᠯᠤᠨ ᠤᠳᠤᠷᠢᠳᠬᠤ ᠺᠠᠳ᠋ᠷ ᠤᠨ ᠪᠣᠳᠠᠲᠤ ᠢᠯᠡᠷᠡᠯ ᠢᠶᠠᠷ ᠺᠠᠳ᠋ᠷ ᠢ ᠢᠯᠭᠠᠨ ᠲᠠᠨᠢᠬᠤ ᠴᠢᠬᠤᠯᠠ ᠦᠨᠳᠦᠰᠦ ᠪᠠᠷᠢᠮᠲᠠ ᠪᠣᠯᠭᠠᠬᠤ ᠪᠣᠯᠤᠨ᠎ᠠ᠃ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠨᠢᠭᠡᠳᠦᠭᠡᠷ ᠹᠷᠣᠨᠲ ᠲᠤ ᠨᠠᠮ ᠳᠤ ᠣᠷᠣᠬᠤ ᠢᠳᠡᠪᠬᠢᠲᠡᠨ ᠢ ᠢᠯᠡᠷᠡᠭᠦᠯᠦᠨ ᠰᠢᠯᠭᠠᠬᠤ ᠶᠢ ᠴᠢᠬᠤᠯᠠᠴᠢᠯᠠᠵᠤ᠂ ᠢᠯᠡᠷᠡᠯ ᠨᠢ ᠲᠤᠪᠤᠶᠢᠮ᠎ᠠ᠂ ᠨᠥᠬᠦᠴᠡᠯ ᠳᠤ ᠨᠡᠶᠢᠴᠡᠬᠦ ᠶᠢ ᠨᠢ ᠴᠠᠭ ᠲᠤᠬᠠᠢ ᠳᠤᠨᠢ ᠨᠠᠮ ᠳᠤ ᠡᠯᠰᠡᠬᠦ ᠬᠡᠷᠡᠭᠲᠡᠢ᠃ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠡᠮᠦᠨ᠎ᠡ ᠹᠷᠣᠨᠲ ᠲᠤ ᠪᠠᠶᠢᠯᠳᠤᠵᠤ ᠪᠠᠶᠢᠭ᠎ᠠ ᠨᠠᠮ ᠤᠨ ᠭᠡᠰᠢᠭᠦᠨ ᠺᠠᠳ᠋ᠷᠴᠤᠳ ᠢ ᠬᠠᠯᠠᠮᠵᠢᠯᠠᠨ ᠬᠠᠶᠢᠷᠠᠯᠠᠵᠤ᠂ ᠪᠣᠳᠠᠲᠠᠢ ᠬᠦᠴᠢᠷᠳᠡᠯ ᠢ ᠨᠢ ᠴᠠᠭ ᠲᠤᠬᠠᠢ ᠳᠤᠨᠢ ᠬᠠᠪᠰᠤᠷᠤᠨ ᠰᠢᠢᠳᠪᠦᠷᠢᠯᠡᠵᠦ᠂ ᠨᠠᠮ ᠤᠨ ᠭᠡᠰᠢᠭᠦᠨ ᠺᠠᠳ᠋ᠷᠴᠤᠳ ᠤᠨ ᠡᠭᠦᠷᠭᠡ ᠲᠤᠰᠢᠶᠠᠯ ᠳᠠᠭᠠᠨ ᠦᠨᠡᠨᠴᠢ ᠰᠢᠳᠤᠷᠭᠤ ᠪᠠᠷ ᠵᠢᠳᠬᠦᠵᠦ᠂ ᠬᠠᠷᠠᠮ ᠦᠭᠡᠢ ᠵᠢᠳᠬᠦᠬᠦ ᠶᠢ ᠵᠣᠷᠢᠭᠵᠢᠭᠤᠯᠬᠤ ᠬᠡᠷᠡᠭᠲᠡᠢ᠃       ᠳᠤᠮᠳᠠᠳᠤ ᠤᠯᠤᠰ ᠤᠨ ᠡᠪ ᠬᠠᠮᠲᠤ ᠨᠠᠮ ᠤᠨ ᠬᠤᠤᠯᠢᠩᠭᠤᠤᠯ ᠬᠤᠲᠠ ᠶᠢᠨ ᠨᠠᠮ ᠤᠨ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号