ᠬᠠᠷᠠᠵᠠ ᠶᠢᠨ ᠲᠤᠬᠤᠢ ᠶᠢᠨ ᠭᠤᠷᠪᠠᠨ ᠠᠯ ᠰᠡᠬᠦᠯ | | 2020 ᠤᠨ ᠤ 5 ᠳ᠋ᠤᠭᠠᠷ ᠰᠠᠷ᠎ᠠ ᠶᠢᠨ 21 ᠤ ᠡᠳᠦᠷ᠂ ᠭᠤᠷᠪᠠᠨ ᠠᠯ ᠰᠡᠬᠦᠯ ᠵᠠᠷᠤᠳ ᠬᠤᠰᠢᠭᠤᠨ ᠤ | ᠪᠠᠶᠠᠷᠳᠤᠬᠤᠰᠢᠭᠤ ᠪᠠᠯᠭᠠᠰᠦ ᠶᠢᠨ ᠲᠦᠷᠪᠡᠯᠵᠢ ᠭᠠᠴᠠᠭᠠᠨ ᠤ ᠬᠠᠷᠠᠵᠠ ᠶᠢᠨ ᠲᠤᠬᠤᠢ ᠳᠤ ᠪᠠᠭᠤᠳᠠᠯᠯᠠᠭᠰᠠᠨ ᠳᠤ | ᠨᠤᠳᠤᠭ ᠤᠨ ᠮᠢᠨᠢ ᠮᠠᠯᠴᠢᠨ ᠠᠷᠠᠳ ᠮᠠᠨ ᠤ ᠨᠤᠳᠤᠭ ᠤᠨ ᠰᠢᠪᠠᠭᠤᠳ ᠤᠨ ᠴᠡᠩᠬᠡᠯ ᠤᠨ ᠤᠷᠤᠨ᠂ ᠵᠢᠯ ᠤᠨ | ᠲᠦᠷᠪᠡᠨ ᠤᠯᠠᠷᠢᠯ ᠳᠤ ᠬᠦᠯᠳᠡᠳᠡᠭ ᠦᠭᠡᠢ ᠤᠰᠤ ᠡᠪᠡᠰᠦ ᠰᠠᠶᠢᠳᠠᠢ ᠨᠤᠶᠢᠳᠠᠨ ᠨᠠᠮᠤᠭ ᠭᠠᠵᠠᠷ — ᠬᠠᠷᠠᠵᠠ ᠶᠢᠨ | ᠲᠤᠬᠤᠢ ᠪᠠᠨ ᠪᠠᠭ᠋ᠠᠷᠠᠨ ᠨᠤᠳᠤᠭ ᠤᠰᠤᠨ ᠤ ᠮᠢᠨᠢ ᠬᠡᠶᠢᠮᠤᠷᠢ ᠰᠡᠷᠭᠦᠬᠦ ᠶᠢ ᠪᠡᠯᠬᠡᠰᠢᠶᠡᠵᠦ ᠰᠡᠭᠦᠳᠡᠷ ᠵᠢᠷᠤᠭ ᠲᠠᠳᠠᠵᠦ | ᠰᠢᠯᠦᠭ ᠵᠤᠬᠢᠶᠠᠯ ᠪᠢᠴᠢᠨ ᠬᠦᠮᠦᠨ ᠤᠯᠠᠨ ᠤ ᠪᠠᠨ ᠪᠠᠭ᠋ᠠᠷᠬᠠᠯ ᠲᠤᠷ᠎ᠠ ᠰᠤᠨᠢᠷᠬᠠᠯ ᠢ ᠶᠡᠬᠡᠳᠡ ᠲᠠᠳᠠᠯ᠎ᠠ᠃ | | | | | | | ᠲᠠᠯᠠᠭᠠᠳ ᠤᠨ ᠤ ᠦᠶᠡᠰ ᠬᠠᠷᠠᠵᠠ ᠶᠢᠨ ᠲᠤᠬᠤᠢ ᠨᠢ ᠵᠤᠨ ᠪᠤᠯᠤᠬᠰᠠᠭᠠᠷ ᠯᠡ ᠲᠤᠭᠤᠷᠤᠤ᠂ ᠲᠤᠭᠤᠳᠠᠭ᠂ | ᠬᠤᠨ ᠭᠠᠯᠠᠭᠤ᠂ ᠬᠠᠯᠢᠭᠤᠨ ᠭᠠᠯᠠᠭᠤ ᠵᠡᠷᠭᠡ ᠮᠠᠰᠢ ᠤᠯᠠᠨ ᠨᠡᠭᠦᠳᠡᠯ ᠤᠨ ᠰᠢᠪᠠᠭᠤᠳ ᠢᠷᠡᠵᠦ ᠤᠮᠪᠠᠨ ᠱᠤᠮᠪᠠᠨ | ᠡᠬᠦᠷ ᠡᠬᠦᠷ ᠦᠨᠳᠡᠭᠡ ᠦᠨᠳᠡᠬᠡᠯᠡᠵᠦ ᠦᠷ᠎ᠡ ᠵᠤᠯᠵᠠᠭ᠎ᠠ ᠭᠠᠷᠭᠠᠨ ᠦᠰᠴᠦ ᠪᠤᠶᠢᠵᠢᠭᠤᠯᠤᠭᠠᠳ ᠨᠠᠮᠤᠷ ᠪᠤᠯᠬᠤ ᠳᠤ | ᠪᠡᠶ᠎ᠡ ᠪᠤᠶᠢᠵᠢᠬᠰᠠᠨᠦᠷᠡ ᠵᠤᠯᠵᠠᠭ᠎ᠠ ᠪᠠᠨ ᠲᠠᠭᠠᠭᠤᠯᠤᠨ ᠤᠷᠢᠳᠦ ᠭᠠᠵᠠᠷ ᠲᠤ ᠪᠠᠨᠡᠪᠤᠯᠵᠢᠬᠦ ᠪᠠᠷ ᠪᠤᠴᠠᠳᠠᠭ᠃ | ᠬᠡᠤᠬᠡᠳ ᠨᠠᠰᠤᠨ ᠤ ᠪᠢᠳᠡ ᠴᠦ ᠵᠢᠯ ᠪᠦᠷᠢ ᠲᠦᠷᠭᠡᠨ ᠵᠤᠨ ᠤ ᠤᠯᠠᠷᠢᠯ ᠪᠤᠯᠬᠤ ᠶᠢ ᠬᠦᠰᠡᠵᠦ᠂ ᠵᠤᠨ ᠤ ᠤᠯᠠᠷᠢᠯ | ᠪᠤᠯᠤᠭᠰᠠᠭᠠᠷ ᠯᠠ ᠲᠤᠭᠤᠯ ᠬᠠᠷᠢᠭᠤᠯᠬᠤ ᠨᠡᠷ᠎ᠡ ᠪᠠᠷ ᠲᠠᠯ᠎ᠠ ᠲᠤᠭᠤᠷᠢᠨ ᠭᠤᠤᠯ ᠳᠤ ᠡᠷᠬᠢᠴᠡᠨ᠂ ᠭᠤᠭᠤᠳ ᠲᠠᠭᠠᠨ᠎ᠠ | ᠬᠦᠮᠡᠯᠢ ᠲᠡᠬᠦᠵᠦ᠂ ᠴᠠᠬᠢᠯᠳᠠᠭ ᠤᠨ ᠪᠤᠳᠠᠨ ᠳᠤ ᠨᠢᠭᠤᠯᠴᠠᠭ᠎ᠠ ᠬᠢᠵᠦ ᠨᠠᠭᠠᠳᠴᠦ ᠲᠤᠬᠯᠠᠨ᠂ ᠨᠠᠷᠢᠨ ᠵᠦᠷᠢᠭ | ᠴᠤᠪᠤᠭ᠎ᠠ ᠵᠠᠮ ᠤᠨ ᠬᠤᠶᠠᠷ ᠬᠠᠵᠠᠭᠤ ᠶᠢᠨ ᠴᠠᠬᠢᠯᠳᠠᠭ ᠢ ᠬᠤᠯᠪᠤᠨ ᠤᠶᠠᠵᠦ᠂ ᠲᠤᠷᠭᠠᠭᠤᠯᠢ ᠲᠠᠯᠪᠢᠨ ᠬᠡᠨ ᠨᠢᠬᠡᠨ | ᠨᠢ ᠲᠤᠷᠴᠦ ᠤᠨᠠᠬᠤ ᠶᠢ ᠰᠡᠮ ᠬᠦᠰᠡᠵᠦ ᠠᠯᠤᠰ ᠠᠴᠠ ᠪᠠᠷᠠᠭᠠᠯᠠᠳᠠᠭ᠂ ᠪᠠᠰᠠ ᠴᠠᠬᠢᠯᠳᠠᠭ ᠢᠶᠠᠷ ᠡᠯ᠎ᠡ ᠵᠦᠢᠯ ᠤᠨ | ᠨᠠᠭᠠᠳᠤᠮ ᠤᠨ ᠵᠦᠢᠯᠡᠰ ᠬᠦᠷᠦᠵᠦ ᠲᠤᠭᠯᠠᠨ᠂ ᠭᠠᠯᠠᠭᠤᠨ ᠦᠨᠳᠡᠭᠡ ᠂ ᠨᠤᠭᠤᠰᠤᠨ ᠦᠨᠳᠡᠭᠡ᠂ ᠲᠤᠭᠤᠷᠤᠤ ᠶᠢᠨ | ᠦᠨᠳᠡᠭᠡ ᠲᠡᠭᠦᠵᠦ ᠬᠡᠷ ᠲᠡᠭᠡᠨ ᠠᠪᠠᠴᠢᠪᠠᠯ ᠠᠬᠠᠮᠠᠳ ᠲᠤᠮᠤᠭᠠᠳᠠᠨ ᠳᠤ ᠰᠦᠷ ᠵᠠᠩᠨᠠᠭᠤᠯᠳᠠᠭ ᠪᠤᠯᠬᠤᠷ ᠨᠠᠭᠠᠳᠴᠦ | ᠬᠠᠨᠤᠪᠠᠯ ᠡᠭᠦᠷ ᠲᠤ ᠨᠢ ᠲᠠᠬᠢᠨ ᠪᠤᠴᠠᠭᠠᠵᠦ ᠲᠠᠯᠪᠢᠳᠠᠭ᠃ ᠭᠤᠤᠯ ᠭᠤᠷᠤᠬ᠎ᠠ ᠳᠤ ᠤᠮᠪᠠᠵᠦ ᠬᠤᠮᠤᠭ ᠰᠢᠷᠤᠢ ᠪᠠᠷ | ᠰᠠᠨᠠᠭᠠᠨ ᠳᠤ ᠪᠠᠨ ᠲᠤᠯᠳᠠᠯ᠎ᠠ ᠨᠠᠭᠠᠳᠴᠦ ᠶᠠᠳᠠᠷᠠᠬᠤ ᠶᠢᠨ ᠲᠤᠶᠢᠯ ᠳᠤ ᠬᠦᠷᠴᠦ ᠦᠯᠦᠰᠴᠦ ᠤᠮᠳᠠᠭᠠᠰᠬᠤ ᠶᠢᠨ | ᠡᠷᠡᠨ ᠳᠤ ᠰᠠᠶ᠋ᠢ ᠭᠡᠷ ᠤᠷᠤᠭᠤ ᠪᠠᠨ ᠪᠤᠴᠠᠳᠠᠭ᠃ ᠡᠶᠢᠮᠦ ᠠᠴᠠ ᠬᠠᠷᠠᠵᠠ ᠶᠢᠨ ᠲᠤᠬᠤᠢ ᠨᠢ ᠮᠦᠨ ᠴᠦ ᠬᠡᠤᠬᠡᠳ | ᠤᠨ ᠨᠠᠭᠠᠳᠤᠮ ᠤᠨ ᠴᠡᠩᠭᠡᠯᠲᠦ ᠤᠷᠤᠨ ᠪᠤᠯᠵᠦ ᠦᠨᠡᠬᠡᠷ ᠴᠦ ᠮᠢᠨᠦ ᠨᠤᠳᠤᠭ ᠤᠨ ᠡᠬᠡ ᠪᠠᠶᠢᠬᠠᠯᠢ ᠬᠦᠮᠦᠨ ᠠᠮᠢᠳᠠᠨ | ᠤ ᠳ᠋ᠧᠪᠠᠵᠠᠨ ᠤ ᠤᠷᠤᠨ ᠬᠡᠵᠦ ᠬᠡᠯᠡᠵᠦ ᠪᠤᠯᠤᠮᠠᠷ ᠶᠤᠮ ᠡ᠃ ᠨᠠᠶᠠᠭᠠᠳ ᠤᠨ ᠠᠴᠠ ᠰᠡᠬᠦᠯᠡᠷ ᠬᠤᠷ᠎ᠠ ᠪᠤᠷᠤᠭᠠᠨ | ᠲᠡᠭᠰᠢ ᠦᠭᠡᠢ᠂ ᠬᠤᠯᠤᠰᠤ ᠵᠡᠭᠡᠰᠦ ᠨᠢ ᠬᠤᠷᠤᠭᠳᠠᠭᠠᠳ ᠠᠮᠢ ᠠᠬᠤᠢ ᠮᠠᠭᠤᠳᠠᠬᠰᠠᠨ ᠠᠴᠠ ᠬᠠᠷᠠᠵᠠᠨ ᠲᠤᠬᠤᠢ ᠮᠠᠨᠢ | ᠨᠢᠬᠡᠨ ᠦᠶ᠎ᠡ ᠤᠤᠯ ᠤᠨ ᠭᠤᠶᠤ ᠰᠠᠶᠢᠬᠠᠨ ᠦᠩᠭᠡ ᠲᠦᠷᠰᠦ ᠪᠠᠨ ᠠᠯᠳᠠᠵᠠᠢ᠃ | | | | | | | | ᠦᠨᠦ ᠵᠢᠯ ᠤᠨ ᠢᠷᠡᠭᠰᠡᠨ ᠭᠤᠷᠪᠠᠨ ᠰᠠᠯ ᠰᠡᠬᠦᠯ ᠨᠢ ᠤᠨᠴᠠᠭᠠᠢ ᠨᠤᠮᠤᠬᠠᠨ ᠬᠦᠬᠡᠷᠤᠬᠦᠨ᠂ ᠬᠦᠮᠦᠨ ᠠᠮᠢᠳᠠᠨ | ᠠᠴᠠ ᠠᠶᠤᠬᠤ ᠦᠭᠡᠢ ᠡᠶᠡᠯᠰᠡᠭ ᠲᠤᠳᠤᠨᠤ ᠪᠦᠬᠡᠳ ᠴᠡᠴᠡᠷᠯᠢᠭ ᠤᠨ ᠰᠢᠪᠠᠭᠤ ᠰᠢᠭ᠋ ᠶᠠᠭᠤ ᠬᠠᠶᠠᠵᠦ ᠦᠭᠪᠡᠯ ᠶᠠᠭᠤ | ᠶᠢ ᠢᠳᠡᠵᠦ ᠪᠠᠷᠤᠭ ᠯᠡ ᠲᠡᠪᠡᠷᠢᠭᠡᠳ ᠶᠠᠪᠤᠬᠤ ᠳᠤ ᠬᠠᠮᠢᠶ᠎ᠠ ᠦᠭᠡᠢ ᠬᠡᠮᠡᠷᠬᠡᠨ ᠬᠦᠭᠡᠷᠦᠬᠦᠢ ᠭᠤᠷᠪᠠᠨ ᠠᠮᠢᠳᠠᠨ᠂ | ᠠᠯᠳᠠᠭᠤᠯ ᠰᠢᠪᠠᠭᠤ ᠬᠡᠬᠦᠯᠡᠷ ᠡᠷᠢᠵᠦ ᠠᠪᠠᠴᠢᠬᠰᠠᠨ ᠬᠦᠮᠦᠨ ᠪᠠᠶᠢᠬᠤ ᠦᠭᠡᠢ᠂ ᠡᠳᠦᠷ ᠪᠦᠷᠢ ᠡᠯ᠎ᠡ ᠭᠠᠵᠠᠷ ᠤᠨ | ᠵᠢᠷᠤᠭ ᠰᠡᠬᠦᠳᠡᠷ ᠲᠠᠳᠠᠬᠤ ᠪᠠᠷ ᠬᠦᠷᠦᠯᠴᠡᠨ ᠢᠷᠡᠭᠰᠡᠳ ᠨᠡᠩ ᠤᠯᠠᠰᠢᠷᠠᠭᠰᠠᠨ ᠪᠡ ᠬᠦᠮᠦᠨ ᠬᠠᠷ᠎ᠠ ᠠᠴᠠ ᠠᠶᠤᠬᠤ | ᠦᠭᠡᠢ ᠬᠦᠬᠡᠬᠡᠳ ᠪᠠᠰᠠ ᠶᠠᠪᠤᠬᠤ ᠦᠭᠡᠢ ᠪᠤᠯᠬᠤᠷ ᠤᠳᠤ ᠭᠠᠴᠠᠭᠠᠨ ᠲᠠᠷᠤᠭ᠎ᠠ ᠶᠢᠨ ᠰᠠᠨᠠᠭᠤᠯᠭ᠎ᠠ ᠪᠠᠷ ᠲᠦᠷᠪᠡᠯᠵᠢ | ᠭᠠᠴᠠᠭ᠎ᠠ ᠶᠢᠨ ᠤᠢ ᠰᠢᠭᠤᠢ ᠶᠢᠨ ᠬᠠᠮᠠᠭᠠᠯᠠᠯᠳᠠ ᠶᠢᠨ ᠠᠵᠢᠯᠳᠠᠳ ᠡᠨᠡ ᠭᠤᠷᠪᠠᠨ ᠠᠯ ᠰᠡᠭᠦᠯ ᠢ ᠡᠳᠦᠷ ᠰᠦᠨᠢ | ᠦᠭᠡᠢ ᠡᠬᠡᠯᠵᠢᠯᠡᠨ ᠰᠠᠬᠢᠨ ᠬᠠᠮᠠᠭᠠᠯᠠᠵᠦ ᠪᠤᠢ᠃ | | | | | | | | | | | | | | | | | | |