ᠵᠢᠭᠤᠯᠴᠢᠯᠠᠯ ᠤᠨ ᠦᠵᠡᠮᠵᠢ ᠶᠢᠨ ᠣᠷᠣᠨ ᠵᠢᠴᠢ ᠡᠷᠭᠢᠨ ᠲᠣᠭᠤᠷᠢᠨ ᠤ ᠣᠯᠠᠨ ᠨᠡᠶᠢᠲᠡ ᠶᠢᠨ ᠭᠠᠵᠠᠷ ᠤᠨ | ᠡᠷᠡᠭᠦᠯ ᠬᠠᠮᠠᠭᠠᠯᠠᠯ ᠤᠨ ᠬᠠᠮᠢᠶᠠᠷᠤᠯᠲᠠ ᠶᠢᠨ ᠬᠢᠷᠢ ᠬᠡᠮᠵᠢᠶ᠎ᠡ ᠶᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠠᠷᠠᠳ | ᠣᠯᠠᠨ ᠤ ᠠᠮᠢ ᠨᠠᠰᠤ ᠡᠷᠡᠭᠦᠯ ᠮᠡᠨᠳᠦ ᠶᠢ ᠦᠨᠡᠨᠬᠦ ᠪᠠᠲᠤᠯᠠᠬᠤ ᠶᠢᠨ ᠲᠤᠰᠠᠳᠠ᠂ ᠬᠤᠲᠠ ᠶᠢᠨ ᠡᠷᠡᠭᠦᠯ ᠬᠠᠮᠠᠭᠠᠯᠠᠯ ᠤᠨ | ᠬᠢᠨᠠᠯᠲᠠ ᠲᠠᠯᠪᠢᠬᠤ ᠭᠠᠵᠠᠷ ᠠᠴᠠ ᠵᠢᠭᠤᠯᠴᠢᠯᠠᠯ ᠤᠨ ᠦᠵᠡᠮᠵᠢ ᠶᠢᠨ ᠭᠠᠵᠠᠷ ᠤᠨ ᠲᠤᠰᠬᠠᠶ ᠬᠢᠨᠠᠨ ᠪᠠᠶᠢᠴᠠᠭᠠᠯᠲᠠ ᠶᠢᠨ | ᠠᠵᠢᠯ ᠢ ᠦᠷᠨᠢᠬᠦᠯᠵᠠᠢ᠃ | | | ᠪᠠᠶᠢᠴᠠᠭᠠᠯᠲᠠ ᠳᠤᠮᠳᠠ᠂ ᠬᠢᠨᠠᠯᠲᠠ ᠲᠠᠯᠪᠢᠭᠴᠢ ᠤᠷᠢᠳ ᠬᠤᠵᠢᠳ ᠬᠠᠭᠠᠨᠳᠦ ᠠᠭᠤᠯᠠ ᠶᠢᠨ ᠥᠪᠡᠷ ᠢᠶᠠᠨ | ᠲᠡᠷᠭᠡ ᠵᠢᠯᠣᠭᠤᠳᠤᠨ ᠵᠤᠭᠠᠴᠠᠬᠤ ᠵᠤᠭᠠᠴᠠᠯ ᠤᠨ ᠭᠠᠵᠠᠷ᠂ ᠬᠤᠨᠳᠦ ᠨᠠᠭᠤᠷ ᠤᠨ ᠠᠮᠠᠷᠠᠯᠲᠠ ᠶᠢᠨ ᠲᠣᠰᠬᠤᠨ᠂ | ᠬᠦᠢᠳᠡᠨᠨᠠᠭᠤᠷ ᠤᠨ ᠲᠠᠯ᠎ᠠ ᠨᠤᠲᠤᠭ ᠤᠨ ᠵᠤᠭᠠᠴᠠᠯ ᠤᠨ ᠣᠷᠣᠨ ᠵᠡᠷᠭᠡ ᠵᠤᠭᠠᠴᠠᠯ ᠤᠨ ᠦᠵᠡᠮᠵᠢ ᠶᠢᠨ ᠭᠠᠵᠠᠷ ᠲᠤ | ᠬᠦᠷᠴᠦ᠂ ᠡᠷᠡᠭᠦᠯ ᠬᠠᠮᠠᠭᠠᠯᠠᠯ ᠤᠨ ᠠᠵᠢᠯᠲᠠᠨ ᠤ ᠦᠨᠡᠮᠯᠡᠯ ᠠᠪᠴᠤ ᠪᠠᠶᠢᠭ᠎ᠠ ᠪᠠᠶᠢᠳᠠᠯ᠂ ᠵᠥᠪᠰᠢᠶᠡᠷᠡᠯ ᠤᠨ | ᠦᠨᠡᠮᠯᠡᠯ ᠢ ᠨᠡᠶᠢᠲᠡᠯᠡᠭᠰᠡᠨ ᠪᠠᠶᠢᠳᠠᠯ᠂ ᠲᠠᠯᠠᠪᠤᠷ ᠤᠨ ᠳᠣᠲᠣᠷᠠᠬᠢ ᠡᠷᠡᠭᠦᠯ ᠬᠠᠮᠠᠭᠠᠯᠠᠯ ᠤᠨ ᠳᠦᠷᠢᠮ | ᠨᠠᠶᠢᠳᠠᠪᠤᠷᠢᠵᠢᠭᠤᠯᠤᠭᠰᠠᠨ ᠪᠠᠶᠢᠳᠠᠯ᠂ ᠵᠣᠴᠢᠳ ᠤᠨ ᠡᠳ᠋ᠯᠡᠯ ᠬᠡᠷᠡᠭᠰᠡᠯ ᠢ ᠠᠷᠢᠭᠤᠳᠬᠠᠭᠰᠠᠨ ᠪᠠᠶᠢᠳᠠᠯ ᠵᠡᠷᠭᠡ | ᠲᠠᠯ᠎ᠠ ᠪᠠᠷ ᠭᠤᠤᠯᠳᠠᠯᠭ᠎ᠠ ᠲᠠᠢ ᠬᠢᠨᠠᠯᠲᠠ ᠲᠠᠯᠪᠢᠨ ᠪᠠᠶᠢᠴᠠᠭᠠᠵᠤ ᠵᠢᠭᠠᠨ ᠵᠢᠯᠣᠭᠤᠳᠪᠠ᠃ | ᠰᠤᠷᠪᠤᠯᠵᠢᠯᠠᠭᠴᠢ᠄ ᠰᠦ᠋ ᠶᠢᠩ | ᠴᠢᠮᠡᠭᠡᠯᠡᠭᠴᠢ᠄ ᠪᠦᠦ ᠯᠢᠩ ᠯᠢᠩ | ᠤᠷᠴᠢᠭᠤᠯᠤᠭᠴᠢ᠄ ᠳ᠋ᠠᠢ ᠮᠠᠨᠰᠢ | |