| ᠬᠤᠤᠯᠢᠨ ᠵᠠᠰᠠᠭ ᠦᠰᠦᠭ ﹇2018﹈ 36 ᠳ᠋ᠤᠭᠠᠷ ᠳᠤᠭᠠᠳᠤ | | ᠨᠡᠬᠦᠷᠡᠰᠤ ᠴᠤᠭᠯᠠᠭᠤᠯᠤᠨ ᠳᠡᠬᠡᠬᠡᠪᠤᠷᠢᠯᠡᠬᠦ ᠦᠷᠳᠡᠭᠡ ᠶᠢᠨ ᠰᠠᠩ ᠬᠦᠮᠦᠷᠬᠡ ᠳᠠᠯᠠᠪᠤᠷ ᠢ ᠳᠦᠪᠯᠡᠷᠡᠬᠦᠯᠦᠨ | ᠵᠠᠰᠠᠬᠤ ᠠᠵᠢᠯ ᠤᠨ ᠳᠤᠬᠠᠢ ᠬᠤᠤᠯᠢᠩᠭᠤᠤᠯ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠮᠡᠳᠡᠭᠳᠡᠯ | | ᠡᠯ᠎ᠡ ᠬᠠᠮᠢᠶ᠎ᠠ ᠪᠦᠬᠦᠢ ᠰᠠᠯᠠᠭ᠎ᠠ ᠮᠦᠴᠢᠷ ᠨᠢᠬᠡᠴᠡ ᠪᠤᠯᠤᠨ ᠠᠵᠤ ᠠᠬᠤᠶᠢᠯᠠᠯ ᠳᠤ᠄ | ︽︿ᠬᠤᠤᠯᠢᠩᠭᠤᠤᠯ ᠬᠤᠳᠠ ᠶᠢᠨ ᠨᠡᠬᠦᠷᠡᠰᠤ ᠴᠤᠭᠯᠠᠭᠤᠯᠤᠨ ᠳᠡᠬᠡᠬᠡᠪᠤᠷᠢᠯᠡᠬᠦ ᠦᠷᠳᠡᠭᠡ ᠶᠢᠨ ᠰᠠᠩ | ᠬᠦᠮᠦᠷᠬᠡ ᠳᠠᠯᠠᠪᠤᠷ ᠢ ᠳᠦᠪᠯᠡᠷᠡᠬᠦᠯᠦᠨ ᠵᠠᠰᠠᠬᠤ ᠠᠵᠢᠯ ᠤᠨ ᠳᠦᠰᠦᠯ﹀ ᠢ ᠳᠠᠷᠣᠮᠠᠯᠯᠠᠨ ᠶᠠᠪᠤᠭᠤᠯᠬᠤ ᠳᠤᠬᠠᠢ | ᠳᠤᠮᠳᠠᠳᠤ ᠤᠯᠤᠰ ᠤᠨ ᠡᠪ ᠬᠠᠮᠳᠤ ᠨᠠᠮ ᠤᠨ ᠬᠤᠤᠯᠢᠩᠭᠤᠤᠯ ᠬᠤᠳᠠ ᠶᠢᠨ ᠬᠤᠷᠢᠶ᠎ᠠ ᠶᠢᠨ ᠠᠯᠪᠠᠨ ᠬᠡᠷ᠂ | ᠬᠤᠤᠯᠢᠩᠭᠤᠤᠯ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠠᠯᠪᠠᠨ ᠬᠡᠷ ᠤᠨ ᠮᠡᠳᠡᠭᠳᠡᠯ︾ ︵ᠬᠤᠤᠯᠢᠨ ᠨᠠᠮ | ᠠᠯᠪᠠᠨ ᠳᠠᠷᠬᠠᠭᠠᠭᠰᠠᠨ ﹇2017﹈ 20 ᠳ᠋ᠤᠭᠠᠷ ᠳᠤᠭᠠᠳᠤ︶ ᠤᠨ ᠱᠠᠭᠠᠷᠳᠠᠯᠭ᠎ᠠ ᠪᠠᠷ ᠮᠠᠨ ᠤ ᠬᠤᠳᠠ ᠶᠢᠨ | ᠨᠡᠬᠦᠷᠡᠰᠤ ᠶᠢᠨ ᠴᠤᠭᠯᠠᠭᠤᠯᠤᠨ ᠳᠡᠬᠡᠬᠡᠪᠤᠷᠢᠯᠡᠬᠦ᠂ ᠰᠠᠩ ᠬᠦᠮᠦᠷᠬᠡ ᠳᠠᠯᠠᠪᠤᠷ ᠢ ᠳᠦᠪᠯᠡᠷᠡᠬᠦᠯᠦᠨ ᠵᠠᠰᠠᠬᠤ ᠠᠵᠢᠯ ᠢ | ᠤᠯᠠᠮ ᠨᠢᠬᠡ ᠠᠯᠬᠤᠮ ᠳᠦᠷᠬᠡᠳᠬᠡᠨ ᠠᠬᠢᠭᠤᠯᠬᠤ ᠶᠢᠨ ᠳᠤᠰᠠᠳᠠ ᠳᠤᠤᠷᠠᠬᠢ ᠮᠡᠳᠤ ᠶᠢᠨ ᠱᠠᠭᠠᠷᠳᠠᠯᠭ᠎ᠠ ᠶᠢ | ᠳᠤᠷᠠᠳᠪᠠ᠄ | ᠨᠢᠬᠡ᠂ ᠦᠵᠡᠯ ᠰᠠᠨᠠᠭ᠎ᠠ ᠶᠢᠨ ᠳᠠᠨᠢᠯᠳᠠ ᠪᠠᠨ ᠤᠯᠠᠨ ᠨᠢᠬᠡ ᠠᠯᠬᠤᠮ ᠳᠡᠬᠡᠭᠰᠢᠯᠡᠬᠦᠯᠬᠦ ᠬᠡᠷᠡᠭᠳᠡᠢ᠃ ᠰᠢ | ᠶᠢᠨ ᠫᠢᠩ ᠶᠡᠷᠤᠩᠬᠡᠢ ᠱᠦᠵᠢ ᠶᠢᠨ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ | ᠳᠦᠯᠦᠬᠡᠯᠡᠭᠴᠢᠳ ᠤᠨ ᠶᠡᠭᠡ ᠬᠤᠷᠠᠯ ᠤᠨ ᠠᠩᠬᠠᠳᠤᠭᠠᠷ ᠬᠤᠷᠠᠯ ᠤᠨ ᠦᠪᠤᠷ ᠮᠤᠩᠭᠤᠯ ᠤᠨ ᠳᠦᠯᠦᠬᠡᠯᠡᠭᠴᠢᠳ ᠤᠨ | ᠪᠦᠯᠬᠦᠮ ᠤᠨ ᠬᠢᠨᠠᠨ ᠵᠦᠪᠯᠡᠬᠦ ᠳᠤ ᠤᠷᠤᠯᠴᠠᠬᠤ ᠳᠠᠭᠠᠨ ︽ᠠᠭᠠᠷ ᠮᠠᠨᠳᠠᠯ᠂ ᠤᠰᠤ᠂ ᠬᠦᠷᠦᠰᠤ ᠰᠢᠷᠤᠢ ᠶᠢᠨ | ᠪᠤᠬᠢᠷᠳᠤᠯ ᠢ ᠰᠡᠷᠬᠡᠶᠢᠯᠡᠨ ᠵᠠᠰᠠᠬᠤ ᠶᠢ ᠴᠢᠩᠭᠠᠳᠬᠠᠵᠤ᠂ ᠡᠬᠡ ᠤᠯᠤᠰ ᠤᠨ ᠤᠮᠠᠷᠠᠳᠤ ᠬᠢᠯᠢ ᠳᠤ ᠳᠦᠮᠡᠨ ᠭᠠᠵᠠᠷ | ᠤᠨ ᠨᠤᠮᠢᠨ ᠨᠤᠭᠤᠭᠠᠨ ᠤᠷᠳᠤ ᠴᠠᠭᠠᠨ ᠬᠡᠷᠡᠮ ᠢ ᠴᠤᠭᠴᠠᠯᠠᠬᠤ ᠬᠡᠷᠡᠭᠳᠡᠢ︾ ᠭᠡᠵᠣ ᠴᠢᠩᠭᠠᠳᠬᠠᠭᠰᠠᠨ ᠪᠠᠶᠢᠨ᠎ᠠ᠃ | ᠨᠡᠬᠦᠷᠡᠰᠤ ᠴᠤᠭᠯᠠᠭᠤᠯᠤᠨ ᠳᠡᠬᠡᠬᠡᠪᠤᠷᠢᠯᠡᠬᠦ ᠦᠷᠳᠡᠭᠡ ᠶᠢᠨ ᠰᠠᠩ ᠬᠦᠮᠦᠷᠬᠡ ᠳᠠᠯᠠᠪᠤᠷ ᠢ ᠳᠦᠪᠯᠡᠷᠡᠬᠦᠯᠦᠨ ᠵᠠᠰᠠᠬᠤ | ᠠᠵᠢᠯ ᠦᠷᠨᠢᠬᠦᠯᠵᠤ᠂ ᠨᠡᠬᠦᠷᠡᠰᠤ ᠳᠤ ᠬᠤᠯᠪᠤᠭᠳᠠᠵᠤ ᠪᠠᠶᠢᠭ᠎ᠠ ᠠᠵᠤ ᠠᠬᠤᠶᠢᠯᠠᠯ ᠤᠨ ᠤᠷᠴᠢᠨ ᠳᠤᠭᠤᠷᠢᠨ ᠤ | ᠪᠤᠬᠢᠷᠳᠤᠯ ᠢ ᠰᠡᠷᠬᠡᠶᠢᠯᠡᠨ ᠵᠠᠰᠠᠬᠤ ᠪᠤᠭᠤᠮᠳᠠ ᠰᠢᠪᠳᠤᠯᠬᠤ ᠳᠠᠶᠢᠯᠠᠯᠳᠤᠭᠠᠨ ᠢ ᠰᠠᠶᠢᠳᠤᠷ ᠬᠢᠬᠦ ᠪᠤᠯ ᠤᠯᠤᠰ ᠳᠦᠷᠦ | ᠶᠢᠨ ᠡᠬᠦᠷᠬᠡ ᠢᠶᠠᠷ ᠪᠠᠷᠠᠬᠤ ᠦᠬᠡᠢ ᠪᠠᠰᠠ ᠠᠷᠠᠳ ᠤᠨ ᠠᠮᠢᠳᠤᠷᠠᠯ ᠤᠨ ᠢᠨᠵᠧᠨᠧᠷᠢᠩ ᠮᠦᠨ᠂ ᠪᠦᠬᠦ ᠬᠤᠳᠠ ᠶᠢᠨ | ᠠᠵᠤ ᠠᠬᠤᠢ ᠨᠡᠶᠢᠬᠡᠮ ᠤᠨ ᠬᠡᠯᠪᠡᠷᠢ ᠪᠠᠨ ᠬᠤᠪᠢᠷᠠᠭᠤᠯᠤᠨ ᠬᠦᠭᠵᠢᠬᠦᠯᠬᠦ᠂ ᠦᠷᠬᠡᠨ ᠤᠯᠠᠨ ᠠᠷᠠᠳ ᠳᠦᠮᠡᠨ ᠤ | ᠠᠮᠢᠳᠤᠷᠠᠯ ᠤᠨ ᠶᠠᠰᠤ ᠴᠢᠨᠠᠷ ᠲᠠᠢ ᠬᠤᠯᠪᠤᠭᠳᠠᠵᠤ ᠪᠠᠶᠢᠭ᠎ᠠ ᠡᠬᠦᠷᠬᠡ ᠬᠦᠴᠢᠷ᠂ ᠬᠠᠷᠢᠭᠤᠴᠠᠯᠭ᠎ᠠ ᠬᠦᠨᠳᠤ ᠶᠠᠪᠤᠳᠠᠯ | ᠪᠤᠯᠤᠨ᠎ᠠ᠃ ᠨᠡᠬᠦᠷᠡᠰᠤ ᠴᠤᠭᠯᠠᠭᠤᠯᠤᠨ ᠳᠡᠬᠡᠬᠡᠪᠤᠷᠢᠯᠡᠬᠦ ᠦᠷᠳᠡᠭᠡ ᠶᠢᠨ ᠰᠠᠩ ᠬᠦᠮᠦᠷᠬᠡ ᠳᠠᠯᠠᠪᠤᠷ ᠢ ᠳᠦᠪᠯᠡᠷᠡᠬᠦᠯᠦᠨ | ᠵᠠᠰᠠᠬᠤ ᠠᠵᠢᠯ ᠢ ᠪᠡᠶᠡᠯᠡᠬᠦᠯᠬᠦ ᠬᠤᠭᠤᠴᠠᠭ᠎ᠠ ᠤᠳᠤ ᠰᠠᠶ᠋ᠢ 5 ᠰᠠᠷ᠎ᠠ ᠤᠨ ᠬᠤᠭᠤᠴᠠᠭ᠎ᠠ ᠪᠠᠶᠢᠨ᠎ᠠ᠂ ᠡᠯ᠎ᠡ ᠬᠠᠮᠢᠶ᠎ᠠ | ᠪᠦᠬᠦᠢ ᠰᠠᠯᠠᠭ᠎ᠠ ᠮᠦᠴᠢᠷ ᠨᠢᠬᠡᠴᠡ ᠪᠤᠯᠤᠨ ᠬᠤᠳᠠ ᠳᠤ ᠰᠠᠭᠤᠭ᠎ᠠ ᠬᠤᠯᠪᠤᠭᠳᠠᠬᠤ ᠨᠡᠬᠦᠷᠡᠰᠤ ᠬᠠᠳᠠᠭᠠᠯᠠᠵᠤ ᠪᠠᠶᠢᠭ᠎ᠠ | ᠠᠵᠤ ᠠᠬᠤᠶᠢᠯᠠᠯ ᠦᠵᠡᠯ ᠰᠠᠨᠠᠭᠠᠨ ᠤ ᠳᠠᠨᠢᠯᠳᠠ ᠪᠠᠨ ᠦᠨᠡᠨᠬᠦ ᠳᠡᠬᠡᠭᠰᠢᠯᠡᠬᠦᠯᠵᠤ᠂ ᠴᠡᠭᠴᠡᠯᠡᠨ ᠰᠠᠶᠢᠵᠢᠷᠠᠭᠤᠯᠬᠤ | ᠠᠵᠢᠯ ᠤᠨ ᠴᠢᠬᠤᠯᠠ ᠴᠢᠨᠠᠷ᠂ ᠬᠦᠴᠢᠷ ᠪᠡᠷᠬᠡᠳᠤ ᠴᠢᠨᠠᠷ᠂ ᠳᠣᠯᠭᠠᠮᠳᠠᠭᠤ ᠴᠢᠨᠠᠷ ᠢ ᠬᠦᠢᠴᠡᠳ ᠳᠠᠨᠢᠵᠤ᠂ | ᠬᠠᠷᠢᠭᠤᠴᠠᠯᠭᠠᠳᠤ ᠤᠬᠠᠮᠰᠠᠷ ᠢᠶᠠᠨ ᠴᠢᠩᠭᠠᠷᠠᠭᠤᠯᠵᠤ᠂ ᠢᠳᠡᠪᠬᠢᠳᠡᠢ ᠬᠢᠬᠦ ᠶᠢ ᠪᠠᠷᠢᠮᠳᠠᠯᠠᠵᠤ᠂ ᠴᠡᠭᠴᠡᠯᠡᠨ | ᠰᠠᠶᠢᠵᠢᠷᠠᠭᠤᠯᠬᠤ ᠱᠠᠭᠠᠷᠳᠠᠯᠭ᠎ᠠ ᠪᠤᠯᠤᠨ ᠪᠡᠶᠡᠯᠡᠬᠦᠯᠬᠦ ᠬᠤᠭᠤᠴᠠᠭ᠎ᠠ ᠢᠶᠠᠷ ᠡᠨᠡ ᠤᠳᠠᠭᠠᠨ ᠤ ᠴᠡᠭᠴᠡᠯᠡᠨ | ᠰᠠᠶᠢᠵᠢᠷᠠᠭᠤᠯᠬᠤ ᠡᠬᠦᠷᠬᠡ ᠶᠢ ᠳᠤᠭ᠎ᠠ ᠴᠢᠨᠠᠷ ᠢ ᠪᠠᠳᠤᠯᠠᠨ ᠪᠡᠶᠡᠯᠡᠬᠦᠯᠬᠦ ᠬᠡᠷᠡᠭᠳᠡᠢ᠃ | ᠬᠤᠶᠠᠷ᠂ ᠴᠡᠭᠴᠡᠯᠡᠨ ᠰᠠᠶᠢᠵᠢᠷᠠᠭᠤᠯᠬᠤ ᠴᠠᠭ ᠬᠢᠵᠠᠭᠠᠷ ᠢ ᠤᠯᠠᠮ ᠨᠢᠬᠡ ᠠᠯᠬᠤᠮ ᠳᠤᠳᠤᠷᠬᠠᠶᠢᠯᠠᠬᠤ | ᠬᠡᠷᠡᠭᠳᠡᠢ᠃ ᠤᠳᠤ ᠠᠭᠤᠷ ᠠᠮᠢᠰᠬᠤᠯ ᠶᠠᠭ ᠳᠤᠯᠠᠭᠠᠨ ᠪᠤᠯᠵᠤ ᠪᠠᠶᠢᠬᠤ ᠳᠤᠯᠠ ᠨᠢᠬᠡᠨᠳᠡ ᠪᠠᠷᠢᠯᠭ᠎ᠠ ᠡᠬᠢᠯᠡᠬᠦ | ᠨᠦᠬᠦᠴᠡᠯ ᠢ ᠪᠦᠷᠢᠯᠳᠤᠬᠦᠯᠵᠡᠢ᠃ ᠬᠤᠳᠠ ᠶᠢᠨ ᠨᠡᠬᠦᠷᠡᠰᠤ ᠴᠤᠭᠯᠠᠭᠤᠯᠤᠨ ᠳᠡᠬᠡᠬᠡᠪᠤᠷᠢᠯᠡᠬᠦ ᠦᠷᠳᠡᠭᠡ ᠶᠢᠨ ᠰᠠᠩ | ᠬᠦᠮᠦᠷᠬᠡ ᠳᠠᠯᠠᠪᠤᠷ ᠤᠨ ᠳᠦᠪᠯᠡᠷᠡᠬᠦᠯᠦᠨ ᠵᠠᠰᠠᠬᠤ ᠠᠵᠢᠯ ᠤᠨ ᠤᠳᠤᠷᠢᠳᠬᠤ ᠳᠤᠭᠤᠶᠢᠯᠠᠩ ᠬᠠᠷᠢᠭᠤᠴᠠᠨ ᠠᠵᠤ | ᠠᠬᠤᠶᠢᠯᠠᠯ ᠢ ᠱᠠᠭᠠᠷᠳᠠᠨ ᠪᠢᠳᠡᠬᠦᠮᠵᠢᠯᠡᠭᠰᠡᠨ ᠬᠡᠯᠪᠡᠷᠢ ᠶᠢᠨ ᠨᠡᠬᠦᠷᠡᠰᠤ ᠴᠤᠭᠯᠠᠭᠤᠯᠤᠨ ᠳᠡᠬᠡᠬᠡᠪᠤᠷᠢᠯᠡᠬᠦ ᠦᠷᠳᠡᠭᠡ ᠶᠢᠨ | ᠰᠠᠩ ᠬᠦᠮᠦᠷᠬᠡ ᠳᠠᠯᠠᠪᠤᠷ ᠪᠠᠶᠢᠭᠤᠯᠬᠤ ᠳᠦᠰᠦᠯ ᠢ ᠨᠠᠶᠢᠷᠠᠭᠤᠯᠬᠤ ᠠᠵᠢᠯ ᠢ ᠳᠠᠷᠤᠢ ᠳᠦᠷᠬᠡᠨ ᠪᠡᠶᠡᠯᠡᠬᠦᠯᠵᠤ᠂ | ᠪᠠᠷᠢᠯᠭ᠎ᠠ ᠶᠢᠨ ᠬᠤᠭᠤᠴᠠᠭ᠎ᠠ ᠬᠢᠵᠠᠭᠠᠷ ᠢ ᠳᠤᠳᠤᠷᠬᠠᠢ ᠪᠤᠯᠭᠠᠵᠤ᠂ ᠪᠤᠳᠠᠳᠠᠢ ᠬᠠᠷᠠᠯᠳᠠ ᠪᠤᠯᠤᠨ ᠴᠠᠭ ᠤᠨ | ᠵᠠᠩᠬᠢᠯᠠᠭ᠎ᠠ ᠶᠢᠨ ᠴᠡᠭ ᠢ ᠳᠦᠰᠦᠬᠡᠯᠡᠬᠦ ᠬᠡᠷᠡᠭᠳᠡᠢ᠃ 2018 ᠤᠨ ᠤ 5 ᠰᠠᠷ᠎ᠠ ᠶᠢᠨ 31 ᠤ ᠡᠳᠤᠷ ᠠᠴᠠ ᠡᠮᠤᠨ᠎ᠡ | ᠂ ᠪᠢᠳᠡᠬᠦᠮᠵᠢᠯᠡᠭᠰᠡᠨ ᠬᠡᠯᠪᠡᠷᠢ ᠶᠢᠨ ᠨᠡᠬᠦᠷᠡᠰᠤ ᠴᠤᠭᠯᠠᠭᠤᠯᠤᠨ ᠳᠡᠬᠡᠬᠡᠪᠤᠷᠢᠯᠡᠬᠦ ᠦᠷᠳᠡᠭᠡ ᠶᠢᠨ ᠰᠠᠩ ᠬᠦᠮᠦᠷᠬᠡ | ᠳᠠᠯᠠᠪᠤᠷ ᠪᠠᠶᠢᠭᠤᠯᠬᠤ ᠳᠦᠰᠦᠯ ᠢ ᠨᠠᠶᠢᠷᠠᠭᠤᠯᠤᠭᠰᠠᠨ ᠦᠬᠡᠢ ᠪᠤᠶᠤ ᠪᠠᠷᠢᠯᠭ᠎ᠠ ᠶᠢᠨ ᠪᠦᠳᠦᠬᠡᠨ ᠪᠠᠶᠢᠭᠤᠯᠤᠯᠳᠠ ᠪᠠᠨ | ᠡᠬᠢᠯᠡᠬᠦᠯᠦᠭᠰᠡᠨ ᠦᠬᠡᠢ ᠠᠵᠤ ᠠᠬᠤᠶᠢᠯᠠᠯ ᠢ ᠬᠠᠤᠯᠢ ᠳᠤᠭᠳᠠᠭᠠᠯ ᠶᠤᠰᠤᠭᠠᠷ ᠠᠷᠭ᠎ᠠ ᠪᠤᠳᠤᠯᠭ᠎ᠠ ᠬᠡᠷᠡᠭᠵᠢᠬᠦᠯᠵᠤ᠂ | ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠴᠤ᠂ ᠪᠤᠳᠠᠷᠬᠠᠢ ᠨᠡᠬᠦᠷᠡᠰᠤ ᠶᠢ ᠳᠠᠯᠠᠪᠤᠷ ᠲᠤ ᠤᠪᠤᠭᠠᠯᠠᠨ ᠳᠠᠯᠪᠢᠬᠤ ᠶᠢ | ᠡᠷᠡᠰ ᠴᠠᠭᠠᠵᠠᠯᠠᠵᠤ᠂ ᠤᠷᠴᠢᠨ ᠳᠤᠭᠤᠷᠢᠨ ᠤ ᠬᠠᠤᠯᠢ ᠠᠴᠠ ᠵᠦᠷᠢᠴᠡᠭᠰᠡᠨ ᠠᠵᠢᠯᠯᠠᠭ᠎ᠠ ᠶᠢ ᠡᠷᠡᠰ ᠰᠢᠢᠳᠪᠤᠷᠢᠯᠡᠬᠦ | ᠬᠡᠷᠡᠭᠳᠡᠢ᠃ 2018 ᠤᠨ ᠤ 10 ᠰᠠᠷ᠎ᠠ ᠶᠢᠨ 31 ᠤ ᠡᠳᠤᠷ ᠠᠴᠠ ᠡᠮᠤᠨ᠎ᠡ᠂ ᠪᠢᠳᠡᠬᠦᠮᠵᠢᠯᠡᠭᠰᠡᠨ ᠬᠡᠯᠪᠡᠷᠢ ᠶᠢᠨ | ᠨᠡᠬᠦᠷᠡᠰᠤ ᠴᠤᠭᠯᠠᠭᠤᠯᠤᠨ ᠳᠡᠬᠡᠬᠡᠪᠤᠷᠢᠯᠡᠬᠦ ᠦᠷᠳᠡᠭᠡ ᠶᠢᠨ ᠰᠠᠩ ᠬᠦᠮᠦᠷᠬᠡ ᠳᠠᠯᠠᠪᠤᠷ ᠤᠨ ᠳᠤᠭᠳᠠᠭᠠᠭᠰᠠᠨ | ᠬᠤᠭᠤᠴᠠᠭᠠᠨ ᠳᠤ ᠪᠠᠷᠢᠯᠭ᠎ᠠ ᠪᠠᠨ ᠳᠠᠭᠤᠰᠬᠠᠭᠰᠠᠨ ᠦᠬᠡᠢ ᠪᠤᠶᠤ ᠠᠰᠢᠭᠯᠠᠯᠳᠠ ᠳᠤ ᠣᠷᠣᠭᠰᠠᠨ ᠦᠬᠡᠢ ᠠᠵᠤ | ᠠᠬᠤᠶᠢᠯᠠᠯ ᠤᠨ ᠦᠢᠯᠡᠳᠪᠤᠷᠢᠯᠡᠯ ᠡᠵᠡᠩᠨᠡᠯᠳᠡ ᠶᠢᠨ ᠠᠵᠢᠯᠯᠠᠭ᠎ᠠ ᠶᠢ ᠳᠦᠷ ᠵᠤᠭᠰᠤᠭᠠᠵᠤ᠂ ᠪᠠᠷᠢᠯᠭ᠎ᠠ ᠶᠢᠨ ᠠᠵᠢᠯ | ᠢᠶᠠᠨ ᠳᠠᠭᠤᠰᠬᠠᠵᠤ ᠰᠢᠯᠭᠠᠨ ᠠᠪᠤᠭᠰᠠᠨ ᠤ ᠰᠡᠬᠦᠯᠡᠷ ᠳᠠᠬᠢᠨ ᠦᠢᠯᠡᠳᠪᠤᠷᠢᠯᠡᠯ ᠡᠵᠡᠩᠨᠡᠯᠳᠡ ᠶᠢ ᠨᠢ ᠡᠬᠢᠯᠡᠬᠦᠯᠬᠦ | ᠬᠡᠷᠡᠭᠳᠡᠢ᠃ ᠴᠤᠭᠯᠠᠭᠤᠯᠤᠨ ᠳᠡᠬᠡᠬᠡᠪᠤᠷᠢᠯᠡᠬᠦ ᠳᠠᠯᠠᠪᠤᠷ ᠢᠶᠠᠨ ᠵᠠᠰᠠᠬᠤ ᠦᠬᠡᠢ ᠠᠵᠤ ᠠᠬᠤᠶᠢᠯᠠᠯ ᠢ ᠬᠤᠳᠠ ᠶᠢᠨ | ᠨᠡᠬᠦᠷᠡᠰᠤ ᠴᠤᠭᠯᠠᠭᠤᠯᠤᠨ ᠳᠡᠬᠡᠬᠡᠪᠤᠷᠢᠯᠡᠬᠦ ᠦᠷᠳᠡᠭᠡ ᠶᠢᠨ ᠰᠠᠩ ᠬᠦᠮᠦᠷᠬᠡ ᠳᠠᠯᠠᠪᠤᠷ ᠤᠨ ᠳᠦᠪᠯᠡᠷᠡᠬᠦᠯᠦᠨ ᠵᠠᠰᠠᠬᠤ | ᠠᠵᠢᠯ ᠤᠨ ᠤᠳᠤᠷᠢᠳᠬᠤ ᠳᠤᠭᠤᠶᠢᠯᠠᠩ ᠬᠠᠷᠢᠭᠤᠴᠠᠨ ᠬᠠᠤᠯᠢ ᠶᠤᠰᠤᠭᠠᠷ ᠠᠯᠪᠠᠳᠠᠨ ᠬᠦᠴᠦᠨ ᠦᠬᠡᠢ ᠪᠤᠯᠭᠠᠵᠤ᠂ | ᠳᠠᠯᠠᠪᠤᠷ ᠢ ᠴᠡᠪᠡᠷᠯᠡᠨ ᠠᠷᠢᠯᠭᠠᠵᠤ᠂ ᠪᠠᠷᠢᠯᠭ᠎ᠠ ᠶᠢ ᠨᠢ ᠨᠤᠷᠠᠭᠠᠵᠤ᠂ ᠳᠦᠬᠦᠬᠡᠷᠤᠮᠵᠢ ᠶᠢ ᠨᠢ ᠰᠢᠯᠵᠢᠬᠦᠯᠵᠤ᠂ | ᠬᠠᠮᠢᠶ᠎ᠠ ᠪᠦᠬᠦᠢ ᠡᠵᠡᠩᠨᠡᠯᠳᠡ ᠶᠢᠨ ᠠᠵᠢᠯᠯᠠᠭ᠎ᠠ ᠶᠢ ᠵᠤᠭᠰᠤᠭᠠᠬᠤ ᠬᠡᠷᠡᠭᠳᠡᠢ᠃ | ᠭᠤᠷᠪᠠ᠂ ᠬᠢᠨᠠᠯᠳᠠ ᠳᠠᠯᠪᠢᠵᠤ ᠪᠠᠶᠢᠴᠠᠭᠠᠬᠤ ᠶᠢ ᠤᠯᠠᠮ ᠨᠢᠬᠡ ᠠᠯᠬᠤᠮ ᠴᠢᠩᠭᠠᠳᠬᠠᠬᠤ ᠬᠡᠷᠡᠭᠳᠡᠢ᠃ ᠬᠤᠳᠠ | ᠶᠢᠨ ᠨᠡᠬᠦᠷᠡᠰᠤ ᠶᠢᠨ ᠴᠤᠭᠯᠠᠭᠤᠯᠤᠨ ᠳᠡᠬᠡᠬᠡᠪᠤᠷᠢᠯᠡᠬᠦ ᠦᠷᠳᠡᠭᠡ ᠰᠠᠩ ᠬᠦᠮᠦᠷᠬᠡ ᠳᠠᠯᠠᠪᠤᠷ ᠤᠨ ᠳᠦᠪᠯᠡᠷᠡᠬᠦᠯᠦᠨ | ᠵᠠᠰᠠᠬᠤ ᠠᠵᠢᠯ ᠤᠨ ᠤᠳᠤᠷᠢᠳᠬᠤ ᠳᠤᠭᠤᠶᠢᠯᠠᠩ ᠱᠠᠭᠠᠷᠳᠠᠯᠭ᠎ᠠ ᠶᠤᠰᠤᠭᠠᠷ ᠨᠡᠬᠦᠷᠡᠰᠤ ᠬᠠᠳᠠᠭᠠᠯᠠᠵᠤ ᠪᠠᠶᠢᠭ᠎ᠠ ᠠᠵᠤ | ᠠᠬᠤᠶᠢᠯᠠᠯ ᠳᠤ ᠬᠢᠨᠠᠯᠳᠠ ᠳᠠᠯᠪᠢᠨ ᠦᠨᠳᠤᠷ ᠪᠠᠷᠢᠮᠵᠢᠶ᠎ᠠ ᠲᠠᠢ᠂ ᠦᠨᠳᠤᠷ ᠶᠠᠰᠤ ᠴᠢᠨᠠᠷ ᠲᠠᠢ ᠴᠡᠭᠴᠡᠯᠡᠨ | ᠰᠠᠶᠢᠵᠢᠷᠠᠭᠤᠯᠬᠤ ᠳᠦᠰᠦᠯ ᠳᠤᠭᠳᠠᠭᠠᠵᠤ᠂ ᠪᠠᠷᠢᠯᠭ᠎ᠠ ᠶᠢᠨ ᠠᠵᠢᠯ ᠤᠨ ᠶᠠᠰᠤ ᠴᠢᠨᠠᠷ ᠢ ᠪᠠᠳᠤᠯᠠᠬᠤ ᠬᠡᠷᠡᠭᠳᠡᠢ᠃ | ᠳᠦᠪᠯᠡᠷᠡᠬᠦᠯᠦᠨ ᠵᠠᠰᠠᠬᠤ ᠠᠵᠢᠯ ᠤᠨ ᠤᠳᠤᠷᠢᠳᠬᠤ ᠳᠤᠭᠤᠶᠢᠯᠠᠩ ᠤᠨ ᠪᠦᠷᠢᠯᠳᠦᠬᠦᠨ ᠬᠡᠰᠢᠬᠦᠨ ᠤ ᠨᠢᠬᠡᠴᠡ | ᠡᠷᠬᠡᠪᠰᠢ ᠳᠤᠰᠬᠠᠢ ᠬᠦᠮᠦᠨ ᠳᠤᠬᠢᠷᠠᠭᠤᠯᠤᠨ᠂ ᠴᠡᠭᠴᠡᠯᠡᠨ ᠰᠠᠶᠢᠵᠢᠷᠠᠭᠤᠯᠤᠭᠰᠠᠨ ᠪᠠᠶᠢᠳᠠᠯ ᠳᠤ ᠪᠤᠳᠠᠳᠠᠢ ᠭᠠᠵᠠᠷ | ᠲᠤᠨᠢ ᠬᠢᠨᠠᠯᠳᠠ ᠳᠠᠯᠪᠢᠨ ᠪᠠᠶᠢᠴᠠᠭᠠᠯᠳᠠ ᠬᠢᠵᠤ᠂ ᠪᠠᠷᠢᠯᠭ᠎ᠠ ᠶᠢᠨ ᠪᠦᠳᠦᠬᠡᠨ ᠪᠠᠶᠢᠭᠤᠯᠤᠯᠳᠠ ᠨᠢ ᠬᠢᠷᠢ ᠳᠡᠩᠴᠡᠭᠰᠡᠨ | ᠦᠬᠡᠢ ᠪᠤᠯ ᠡᠷᠡᠰ ᠢᠶᠠᠷ ᠵᠠᠷᠯᠢᠭᠳᠠᠨ ᠴᠡᠭᠴᠡᠯᠡᠨ ᠰᠠᠶᠢᠵᠢᠷᠠᠭᠤᠯᠤᠯᠳᠠ ᠬᠢᠯᠬᠡᠵᠤ᠂ ︽ᠨᠢᠬᠡ ᠬᠡᠰᠡᠭ ᠢ ᠵᠠᠰᠠᠪᠠᠯ ᠨᠢᠬᠡ | ᠬᠡᠰᠡᠭ ᠢ ᠪᠡᠶᠡᠯᠡᠬᠦᠯᠵᠤ ᠨᠢᠬᠡ ᠬᠡᠰᠡᠭ ᠢ ᠪᠠᠳᠤ ᠪᠠᠬᠢ ᠪᠤᠯᠭᠠᠬᠤ︾ ᠶᠢ ᠪᠠᠳᠤᠳᠠᠢ ᠪᠡᠶᠡᠯᠡᠬᠦᠯᠵᠤ᠂ ︽ᠬᠠᠳᠠᠭᠠᠯᠠᠮᠵᠢ | ᠶᠢᠨ ᠨᠡᠬᠦᠷᠡᠰᠤ ᠳᠤ ᠨᠡᠬᠦᠷᠡᠰᠤ ᠦᠵᠡᠭᠳᠡᠬᠦ ᠦᠬᠡᠢ᠂ ᠵᠦᠬᠡᠬᠡᠪᠤᠷᠢᠯᠡᠬᠦ ᠨᠡᠬᠦᠷᠡᠰᠤ ᠳᠤ ᠨᠡᠬᠦᠷᠡᠰᠤ ᠭᠤᠭᠤᠵᠢᠭᠳᠠᠬᠤ | ᠦᠬᠡᠢ᠂ ᠦᠢᠯᠡᠳᠪᠤᠷᠢᠯᠡᠭᠰᠡᠨ ᠨᠡᠬᠦᠷᠡᠰᠤ ᠶᠢ ᠰᠠᠯᠣᠩᠭᠢ ᠰᠢᠳᠠᠭᠠᠬᠤ ᠦᠬᠡᠢ︾ ᠬᠠᠷᠠᠯᠳᠠ ᠳᠤ ᠬᠦᠷᠬᠡᠬᠦ ᠬᠡᠷᠡᠭᠳᠡᠢ᠃ | ᠰᠤᠷᠠᠭ ᠴᠢᠮᠡᠭᠡ ᠮᠡᠳᠡᠬᠦᠯᠦᠨ ᠬᠦᠷᠬᠡᠬᠦ ᠳᠦᠷᠢᠮ ᠢ ᠪᠠᠶᠢᠭᠤᠯᠵᠤ᠂ ᠡᠯ᠎ᠡ ᠪᠢᠳᠡᠬᠦᠮᠵᠢᠯᠡᠭᠰᠡᠨ ᠬᠡᠯᠪᠡᠷᠢ ᠶᠢᠨ | ᠴᠤᠭᠯᠠᠭᠤᠯᠤᠨ ᠳᠡᠬᠡᠬᠡᠪᠤᠷᠢᠯᠡᠬᠦ ᠦᠷᠳᠡᠭᠡ ᠶᠢᠨ ᠰᠠᠩ ᠬᠦᠮᠦᠷᠬᠡ ᠳᠠᠯᠠᠪᠤᠷ ᠤᠨ ᠪᠦᠳᠦᠬᠡᠨ ᠪᠠᠶᠢᠭᠤᠯᠤᠯᠳᠠ ᠶᠢᠨ ᠠᠵᠤ | ᠠᠬᠤᠶᠢᠯᠠᠯ ᠰᠠᠷ᠎ᠠ ᠨᠢᠬᠡᠪᠤᠷᠢ ᠶᠢᠨ 25 ᠤ ᠡᠳᠤᠷ ᠠᠴᠠ ᠡᠮᠤᠨ᠎ᠡ ᠤᠳᠤᠷᠢᠳᠬᠤ ᠳᠤᠭᠤᠶᠢᠯᠠᠩ ᠤᠨ ᠠᠯᠪᠠᠨ ᠬᠡᠷ ᠲᠤ | ᠪᠠᠷᠢᠯᠭ᠎ᠠ ᠶᠢᠨ ᠪᠦᠳᠦᠬᠡᠨ ᠪᠠᠶᠢᠭᠤᠯᠤᠯᠳᠠ ᠵᠡᠷᠬᠡ ᠶᠢᠨ ᠴᠡᠭᠴᠡᠯᠡᠨ ᠰᠠᠶᠢᠵᠢᠷᠠᠭᠤᠯᠤᠭᠰᠠᠨ ᠠᠵᠢᠯ ᠤᠨ ᠠᠬᠢᠴᠠ ᠶᠢᠨ | ᠪᠠᠶᠢᠳᠠᠯ ᠢᠶᠠᠨ ᠮᠡᠳᠡᠬᠦᠯᠵᠤ᠂ ᠤᠳᠤᠷᠢᠳᠬᠤ ᠳᠤᠭᠤᠶᠢᠯᠠᠩ ᠤᠨ ᠠᠯᠪᠠᠨ ᠬᠡᠷ ᠠᠴᠠ ᠬᠤᠷᠢᠶᠠᠩᠭᠤᠶᠢᠯᠠᠭᠰᠠᠨ ᠤ | ᠰᠡᠬᠦᠯᠡᠷ ᠬᠤᠳᠠ ᠶᠢᠨ ᠨᠠᠮ ᠤᠨ ᠬᠤᠷᠢᠶ᠎ᠠ᠂ ᠵᠠᠰᠠᠭ ᠤᠨ ᠤᠷᠳᠤᠨ ᠳᠤ ᠮᠡᠳᠡᠬᠦᠯᠬᠦ ᠬᠡᠷᠡᠭᠳᠡᠢ᠃ | | 2018 ᠤᠨ ᠤ 4 ᠰᠠᠷ᠎ᠠ ᠶᠢᠨ 9 ᠤ ᠡᠳᠤᠷ | | |