ᠵᠦᠰᠬᠤᠸᠠ ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ
ᠨᠡᠶᠢᠲᠡᠯᠡᠭᠰᠡᠨ ᠴᠠᠭ᠄
2018-07-06
      ᠵᠦᠰᠬᠤᠸᠠ ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠪᠤᠯ 1985 ᠤᠨ ᠳᠤ ᠪᠠᠶᠢᠭᠤᠯᠤᠭᠳᠠᠵᠠᠢ᠂ ᠬᠠᠷᠢᠶᠠᠳᠤ ᠤᠷᠤᠨ ᠨᠢ ᠵᠡᠬᠦᠨᠰᠢ ᠪᠠᠨ ᠪᠢᠨ ᠡᠾᠧ ᠵᠠᠮ᠂ ᠪᠠᠷᠠᠭᠤᠨᠰᠢ ᠪᠠᠨ ᠶᠠᠨ ᠱᠠᠨ ᠵᠠᠮ᠂ ᠡᠮᠤᠨᠡᠰᠢ ᠪᠠᠨ ᠤᠤᠯ  ᠤᠨ ᠬᠤᠷᠢᠬᠤ ᠭᠠᠵᠠᠷ᠂ ᠬᠤᠶᠢᠨᠠᠰᠢ ᠪᠠᠨ ᠵᠦᠰᠬᠤᠸᠠ ᠶᠡᠭᠡ ᠵᠡᠬᠡᠯᠢ ᠬᠦᠷᠴᠤ᠂ ᠶᠡᠷᠤᠩᠬᠡᠢ ᠳᠠᠯᠠᠪᠠᠢ ᠨᠢ 18.76 ᠳᠡᠭᠰᠢ ᠳᠦᠷᠪᠡᠯᠵᠢᠨ ᠺᠢᠯᠤᠮᠧᠲᠷ ᠪᠠᠶᠢᠨ᠎ᠠ᠃ 2017 ᠤᠨ ᠤ ᠵᠡᠬᠡᠯᠢ ᠭᠤᠳᠤᠮᠵᠢ ᠶᠢᠨ ᠬᠠᠷᠢᠶᠠᠳᠤ ᠤᠷᠤᠨ ᠤ ᠶᠡᠷᠤᠩᠬᠡᠢ ᠬᠦᠮᠦᠨ ᠠᠮᠠᠨ ᠳᠤᠭ᠎ᠠ 18491 ᠡᠷᠤᠬᠡ 40764 ᠬᠦᠮᠦᠨ ᠪᠠᠶᠢᠨ᠎ᠠ᠂ ᠡᠬᠦᠨ ᠤ ᠳᠤᠳᠤᠷ᠎ᠠ ᠨᠡᠬᠦᠳᠡᠯ ᠬᠦᠮᠦᠨ ᠠᠮᠠᠨ ᠳᠤᠭ᠎ᠠ 16444 ᠬᠦᠮᠦᠨ᠂ ᠪᠠᠶᠢᠩᠭᠤ ᠰᠠᠭᠤᠭ᠎ᠠ 24320 ᠬᠦᠮᠦᠨ ᠪᠠᠶᠢᠵᠤ᠂ ᠪᠦᠬᠦ ᠬᠤᠳᠠ  ᠶᠢᠨ ᠬᠦᠮᠦᠨ ᠠᠮᠠ ᠶᠢᠨ ᠳᠤᠭᠠᠨ ᠤ ᠭᠤᠷᠪᠠᠨ ᠤ ᠨᠢᠬᠡ ᠬᠤᠪᠢ ᠶᠢ ᠡᠵᠡᠯᠡᠵᠤ ᠪᠠᠶᠢᠨ᠎ᠠ᠃ ᠬᠠᠷᠢᠶᠠᠳᠤ ᠤᠷᠤᠨ ᠤ ᠳᠤᠳᠤᠷ᠎ᠠ ᠠᠵᠤ ᠠᠬᠤᠶᠢᠯᠠᠯ ᠠᠵᠢᠯ ᠦᠢᠯᠡᠰ ᠤᠨ ᠨᠢᠬᠡᠴᠡ 102 ᠡᠷᠤᠬᠡ᠂ ᠬᠤᠪᠢ ᠶᠢᠨ ᠦᠢᠯᠡᠳᠪᠤᠷᠢ ᠬᠤᠳᠠᠯᠳᠤᠭᠠᠨ ᠤ ᠡᠷᠤᠬᠡ 980 ᠡᠷᠤᠬᠡ ᠪᠠᠶᠢᠵᠤ᠂ ᠪᠦᠬᠦ ᠬᠤᠳᠠ ᠶᠢᠨ ᠳᠤᠳᠤᠷ᠎ᠠ ᠬᠠᠮᠤᠭ ᠡᠷᠳᠡ ᠪᠠᠶᠢᠭᠤᠯᠤᠭᠳᠠᠭᠰᠠᠨ ᠬᠦᠮᠦᠨ ᠠᠮᠠᠨ ᠳᠤᠭ᠎ᠠ ᠪᠠᠷ ᠬᠠᠮᠤᠭ ᠤᠯᠠᠨ ᠪᠠᠶᠢᠬᠤ ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠨᠢᠬᠡ ᠨᠢ ᠪᠤᠯᠤᠨ᠎ᠠ᠃ ᠵᠡᠬᠡᠯᠢ ᠭᠤᠳᠤᠮᠵᠢ ᠳᠤ ᠵᠧ ᠨᠠᠨ᠂ ᠴᠤᠸᠠᠩ ᠶᠧ᠂ ᠯᠢᠤᠢ ᠬᠤᠸᠠᠨ᠂ ᠵᠦᠩ ᠰᠢᠩ᠂ ᠰᠢᠨ᠎ᠡ ᠯᠢᠤ ᠱᠢ ᠳ᠋ᠦᠩ ᠵᠡᠷᠬᠡ 5 ᠨᠡᠶᠢᠬᠡᠮ ᠳᠤᠭᠤᠷᠢᠭ ᠪᠠᠶᠢᠭᠤᠯᠵᠠᠢ᠃ ᠪᠠᠶᠢᠭᠤᠯᠭ᠎ᠠ ᠪᠤᠯᠤᠨ ᠨᠡᠶᠢᠬᠡᠮ ᠳᠤᠭᠤᠷᠢᠭ ᠲᠤ ᠠᠵᠢᠯᠯᠠᠵᠤ ᠪᠠᠶᠢᠭ᠎ᠠ ᠪᠦᠬᠦ ᠠᠵᠢᠯᠳᠠᠨ 138 ᠬᠦᠮᠦᠨ ᠪᠠᠶᠢᠨ᠎ᠠ᠃ ᠵᠡᠬᠡᠯᠢ ᠭᠤᠳᠤᠮᠵᠢ ᠶᠢᠨ ᠨᠠᠮ  ᠤᠨ ᠠᠵᠢᠯ ᠤᠨ ᠵᠦᠪᠯᠡᠯ ᠳᠤ ᠪᠠᠶᠢᠭᠤᠯᠭ᠎ᠠ᠂ ᠵᠧ ᠨᠠᠨ ᠨᠡᠶᠢᠬᠡᠮ ᠳᠤᠭᠤᠷᠢᠭ᠂ ᠴᠤᠸᠠᠩ ᠶᠧ ᠨᠡᠶᠢᠬᠡᠮ ᠳᠤᠭᠤᠷᠢᠭ᠂ ᠯᠢᠤᠢ ᠬᠤᠸᠠᠨ ᠨᠡᠶᠢᠬᠡᠮ ᠳᠤᠭᠤᠷᠢᠭ᠂ ᠵᠦᠩ ᠰᠢᠩ ᠨᠡᠶᠢᠬᠡᠮ ᠳᠤᠭᠤᠷᠢᠭ᠂ ᠰᠢᠨ᠎ᠡ ᠯᠢᠤ ᠱᠢ ᠳ᠋ᠦᠩ ᠨᠡᠶᠢᠬᠡᠮ ᠳᠤᠭᠤᠷᠢᠭ ᠪᠤᠯᠤᠨ ᠳᠤᠮᠢᠯᠠᠭᠰᠠᠨ ᠰᠠᠯᠪᠤᠷᠢ ᠵᠡᠷᠬᠡ 7 ᠨᠠᠮ ᠤᠨ ᠡᠬᠦᠷ ᠪᠠᠶᠢᠭᠤᠯᠵᠤ᠂ ᠨᠠᠮ ᠤᠨ ᠬᠡᠰᠢᠬᠦᠨ ᠨᠡᠶᠢᠳᠡ 283 ᠬᠦᠮᠦᠨ ᠪᠠᠶᠢᠵᠤ᠂ ᠡᠬᠦᠨ ᠤ ᠳᠤᠳᠤᠷ᠎ᠠ ᠪᠠᠶᠢᠭᠤᠯᠭ᠎ᠠ ᠶᠢᠨ ᠨᠠᠮ ᠤᠨ ᠬᠡᠰᠢᠬᠦᠨ 25 ᠨᠡᠷᠡᠰ᠂ ᠨᠡᠶᠢᠬᠡᠮ ᠳᠤᠭᠤᠷᠢᠭ ᠤᠨ ᠨᠠᠮ ᠤᠨ ᠬᠡᠰᠢᠬᠦᠨ 31 ᠨᠡᠷᠡᠰ᠂ ᠳᠤᠮᠢᠯᠠᠭᠰᠠᠨ ᠰᠠᠯᠪᠤᠷᠢ ᠶᠢᠨ ᠨᠠᠮ ᠤᠨ ᠬᠡᠰᠢᠬᠦᠨ 8 ᠨᠡᠷᠡᠰ᠂ ᠰᠠᠭᠤᠭᠠᠯᠢ ᠠᠷᠠᠳ ᠤᠨ ᠨᠠᠮ ᠤᠨ ᠬᠡᠰᠢᠬᠦᠨ 219 ᠨᠡᠷᠡᠰ ᠪᠠᠶᠢᠨ᠎ᠠ᠃      ᠵᠧ ᠨᠠᠨ ᠨᠡᠶᠢᠬᠡᠮ ᠳᠤᠭᠤᠷᠢᠭ      ᠵᠧ ᠨᠠᠨ ᠨᠡᠶᠢᠬᠡᠮ ᠳᠤᠭᠤᠷᠢᠭ ᠪᠤᠯ ᠬᠤᠤᠯᠢᠩᠭᠤᠤᠯ ᠬᠤᠳᠠ ᠶᠢᠨ ᠡᠮᠤᠨ᠎ᠡ ᠬᠡᠰᠡᠭ ᠲᠤ ᠪᠠᠶᠢᠷᠢᠯᠠᠵᠣ᠂ 2001 ᠤᠨ ᠤ 8 ᠰᠠᠷ᠎ᠠ ᠳᠤ ᠪᠠᠶᠢᠭᠤᠯᠤᠭᠳᠠᠵᠠᠢ᠂ ᠬᠠᠷᠢᠶᠠᠳᠤ ᠤᠷᠤᠨ ᠨᠢ ᠵᠡᠬᠦᠨᠰᠢ ᠪᠠᠨ ᠪᠢᠨ ᠡᠾᠧ ᠵᠠᠮ᠂ ᠪᠠᠷᠠᠭᠤᠨᠰᠢ ᠪᠠᠨ 304 ᠤᠯᠤᠰ ᠤᠨ ᠵᠠᠮ᠂ ᠬᠤᠶᠢᠨᠠᠰᠢ ᠪᠠᠨ ᠵᠢᠷᠢᠮ ᠶᠡᠭᠡ ᠵᠡᠬᠡᠯᠢ ᠠᠴᠠ ᠡᠮᠤᠨ᠎ᠡ᠂ ᠡᠮᠤᠨᠡᠰᠢ ᠪᠠᠨ ᠤᠤᠯ ᠤᠨ ᠶᠠᠯᠠᠳᠠᠨ ᠬᠤᠷᠢᠬᠤ ᠭᠠᠵᠠᠷ ᠪᠤᠯᠤᠨ ᠳᠠᠯᠠᠶᠢᠬᠤᠰᠢᠭᠤ ᠵᠡᠬᠡᠯᠢ ᠭᠤᠳᠤᠮᠵᠢ ᠶᠢᠨ ᠠᠭᠤᠯᠵᠠᠷ ᠲᠤ ᠪᠠᠶᠢᠵᠤ᠂ ᠶᠡᠷᠤᠩᠬᠡᠢ ᠳᠠᠯᠠᠪᠠᠢ ᠨᠢ 7.4 ᠳᠡᠭᠰᠢ ᠳᠦᠷᠪᠡᠯᠵᠢᠨ ᠺᠢᠯᠤᠮᠧᠲᠷ ᠪᠠᠶᠢᠨ᠎ᠠ᠃ ᠨᠡᠶᠢᠬᠡᠮ ᠳᠤᠭᠤᠷᠢᠭ ᠤᠨ ᠠᠯᠪᠠᠯᠠᠬᠤ ᠭᠠᠵᠠᠷ ᠤᠨ ᠶᠡᠷᠤᠩᠬᠡᠢ ᠳᠠᠯᠠᠪᠠᠢ ᠨᠢ 600 ᠺᠢᠯᠤᠮᠧᠲᠷ ᠪᠠᠶᠢᠵᠤ᠂ ᠤᠳᠤ ᠳᠤ 21 ᠠᠵᠢᠯᠳᠠᠨ ᠲᠠᠢ᠂ ᠡᠬᠦᠨ ᠤ ᠳᠤᠳᠤᠷ᠎ᠠ 6 ᠨᠠᠮ ᠤᠨ ᠬᠡᠰᠢᠬᠦᠨ 18 ᠳᠤᠤᠷ ᠴᠡᠭ ᠪᠠᠶᠢᠨ᠎ᠠ᠃ ᠬᠠᠷᠢᠶᠠᠳᠤ ᠤᠷᠤᠨ ᠳᠤ 11 ᠰᠠᠭᠤᠭᠠᠯᠢ ᠠᠷᠠᠳ  ᠤᠨ ᠵᠢᠵᠢᠭ ᠳᠤᠭᠤᠷᠢᠭ᠂ 130 ᠰᠠᠭᠤᠷᠢ ᠠᠰᠠᠷ ᠲᠠᠢ᠂ ᠳᠠᠩ ᠪᠡᠶ᠎ᠡ ᠲᠠᠢ ᠠᠰᠠᠷ 47 ᠰᠠᠭᠤᠷᠢ᠂ ᠬᠡᠷ ᠪᠠᠶᠢᠰᠢᠩ 4 ᠭᠠᠵᠠᠷ᠂ ᠬᠦᠮᠦᠨ ᠠᠮᠠ ᠶᠢᠨ ᠡᠷᠤᠬᠡ ᠶᠢᠨ ᠳᠤᠭ᠎ᠠ 6413 ᠡᠷᠤᠬᠡ 12370 ᠬᠦᠮᠦᠨ ᠪᠠᠶᠢᠨ᠎ᠠ᠂ ᠡᠬᠦᠨ ᠤ ᠳᠤᠳᠤᠷ᠎ᠠ ᠨᠡᠬᠦᠳᠡᠯ ᠬᠦᠮᠦᠨ ᠠᠮᠠ ᠶᠢᠨ ᠳᠤᠭ᠎ᠠ 1210 ᠡᠷᠤᠬᠡ 3805 ᠬᠦᠮᠦᠨ᠂ ᠠᠵᠢᠯ ᠤᠨ ᠪᠠᠶᠢᠷᠢᠨ ᠳᠤ ᠪᠠᠶᠢᠭ᠎ᠠ ᠨᠠᠮ ᠤᠨ ᠬᠡᠰᠢᠬᠦᠨ 576 ᠬᠦᠮᠦᠨ᠂ ᠰᠠᠭᠤᠭᠠᠯᠢ ᠠᠷᠠᠳ ᠤᠨ ᠨᠠᠮ ᠤᠨ ᠬᠡᠰᠢᠬᠦᠨ 106 ᠬᠦᠮᠦᠨ᠂ ᠳᠤᠤᠷ᠎ᠠ ᠪᠠᠳᠤᠯᠭᠠᠳᠤ ᠡᠷᠤᠬᠡ 129 ᠡᠷᠤᠬᠡ 228 ᠬᠦᠮᠦᠨ᠂ ᠵᠡᠮᠳᠡᠭ ᠬᠦᠮᠦᠨ 85 ᠬᠦᠮᠦᠨ᠂ ᠠᠵᠤ ᠠᠬᠤᠶᠢᠯᠠᠯ ᠠᠵᠢᠯ ᠦᠢᠯᠡᠰ ᠤᠨ ᠨᠢᠬᠡᠴᠡ 24 ᠡᠷᠤᠬᠡ᠂ ᠰᠤᠷᠭᠠᠭᠤᠯᠢ 1᠂ ᠬᠤᠪᠢ ᠶᠢᠨ ᠦᠢᠯᠡᠳᠪᠤᠷᠢ ᠬᠤᠳᠠᠯᠳᠤᠭᠠᠨ ᠤ ᠡᠷᠤᠬᠡ 122 ᠡᠷᠤᠬᠡ ᠪᠠᠶᠢᠨ᠎ᠠ᠃      ᠴᠤᠸᠠᠩ ᠶᠧ ᠨᠡᠶᠢᠭᠡᠮ ᠳᠤᠭᠤᠷᠢᠭ      ᠴᠤᠸᠠᠩ ᠶᠧ ᠨᠡᠶᠢᠬᠡᠮ ᠳᠤᠭᠤᠷᠢᠭ ᠪᠤᠯ 2001 ᠤᠨ ᠤ 11 ᠰᠠᠷ᠎ᠠ ᠳᠤ ᠪᠠᠶᠢᠭᠤᠯᠤᠭᠳᠠᠵᠠᠢ᠃ ᠬᠠᠷᠢᠶᠠᠳᠤ ᠤᠷᠤᠨ ᠤ ᠶᠡᠷᠤᠩᠬᠡᠢ ᠳᠠᠯᠠᠪᠠᠢ ᠨᠢ 5.8 ᠳᠡᠭᠰᠢ ᠳᠦᠷᠪᠡᠯᠵᠢᠨ ᠺᠢᠯᠤᠮᠧᠲᠷ ᠪᠠᠶᠢᠵᠤ᠂ ᠴᠡᠭ ᠠᠰᠠᠷ᠂ ᠬᠠᠭᠤᠴᠢᠨ ᠭᠤᠷᠪᠠᠨ ᠳᠡᠭᠳᠡᠷᠳᠤ ᠠᠰᠠᠷ᠂ ᠤᠷᠤᠨ ᠨᠤᠳᠤᠭ ᠤᠨ ᠭᠠᠶᠢᠯᠢ ᠶᠢᠨ ᠬᠡᠷ ᠪᠦᠯᠢᠳᠡᠨ ᠤ ᠠᠰᠠᠷ᠂ ᠵᠢᠶᠠ ᠶᠤᠸᠠᠨ ᠵᠢᠵᠢᠭ ᠳᠤᠭᠤᠷᠢᠭ᠂ ᠶᠦᠩ ᠰᠢᠩ ᠵᠠᠮ ᠤᠨ ᠪᠠᠷᠠᠭᠤᠨ ᠳᠠᠯ᠎ᠠ ᠶᠢᠨ ᠵᠤᠷᠪᠤᠰ ᠠᠰᠠᠷ᠂ ᠠᠷᠠᠯᠵᠢᠶᠠᠨ ᠤ ᠵᠡᠬᠡᠯᠢ ᠵᠡᠷᠬᠡ ᠭᠠᠵᠠᠷ ᠤᠷᠤᠨ ᠪᠠᠭᠳᠠᠨ᠎ᠠ᠃ ᠠᠯᠪᠠᠯᠠᠬᠤ ᠠᠵᠢᠯᠯᠠᠭᠠᠨ ᠤ ᠳᠠᠯᠠᠪᠠᠢ ᠨᠢ 2180 ᠳᠡᠭᠰᠢ ᠳᠦᠷᠪᠡᠯᠵᠢᠨ ᠮᠧᠲᠷ᠂ ᠠᠵᠢᠯᠯᠠᠭᠠᠨ ᠤ ᠬᠠᠷᠢᠶᠠᠳᠤ ᠤᠷᠤᠨ ᠤ ᠶᠡᠷᠤᠩᠬᠡᠢ ᠡᠷᠤᠬᠡ ᠶᠢᠨ ᠳᠤᠭ᠎ᠠ 2456 ᠪᠠᠶᠢᠵᠤ᠂ ᠶᠡᠷᠤᠩᠬᠡᠢ ᠬᠦᠮᠦᠨ ᠠᠮᠠᠨ ᠳᠤᠭ᠎ᠠ 6135 ᠪᠠᠶᠢᠨ᠎ᠠ᠂ ᠡᠬᠦᠨ ᠤ ᠳᠤᠳᠤᠷ᠎ᠠ ᠨᠡᠬᠦᠳᠡᠯ ᠬᠦᠮᠦᠨ ᠠᠮᠠᠨ ᠳᠤᠭ᠎ᠠ 2759 ᠬᠦᠮᠦᠨ ᠪᠠᠶᠢᠨ᠎ᠠ ᠃ ᠨᠡᠶᠢᠬᠡᠮ ᠳᠤᠭᠤᠷᠢᠭ ᠤᠨ ᠨᠠᠮ ᠤᠨ ᠬᠡᠰᠢᠬᠦᠨ 160 ᠬᠦᠮᠦᠨ᠂ ᠡᠬᠦᠨ ᠤ ᠳᠤᠳᠤᠷ᠎ᠠ ᠠᠵᠢᠯ ᠠᠴᠠ ᠪᠠᠨ ᠠᠮᠠᠷᠠᠭᠰᠠᠨ ᠨᠠᠮ ᠤᠨ ᠬᠡᠰᠢᠬᠦᠨ 80 ᠬᠦᠮᠦᠨ᠂ ᠠᠵᠢᠯ ᠤᠨ ᠪᠠᠶᠢᠷᠢᠨ ᠳᠤ ᠪᠠᠶᠢᠭ᠎ᠠ ᠨᠠᠮ ᠤᠨ ᠬᠡᠰᠢᠬᠦᠨ 51 ᠬᠦᠮᠦᠨ᠂ ᠰᠠᠭᠤᠭᠠᠯᠢ ᠠᠷᠠᠳ ᠤᠨ ᠨᠠᠮ ᠤᠨ ᠬᠡᠰᠢᠬᠦᠨ 29 ᠬᠦᠮᠦᠨ᠂ ᠨᠡᠬᠦᠳᠡᠯ ᠨᠠᠮ ᠤᠨ ᠬᠡᠰᠢᠬᠦᠨ ᠪᠠᠰᠠ 12 ᠬᠦᠮᠦᠨ ᠪᠠᠶᠢᠨ᠎ᠠ᠃ ᠨᠡᠶᠢᠬᠡᠮ ᠳᠣᠭᠤᠷᠢᠭ ᠤᠨ ᠨᠠᠮ ᠤᠨ ᠡᠬᠦᠷ ᠤᠨ ᠬᠡᠰᠢᠬᠦᠨ 3 ᠬᠦᠮᠦᠨ᠂ 1 ᠨᠠᠮ ᠤᠨ ᠡᠬᠦᠷ᠂ ᠳᠣᠣᠷ᠎ᠠ ᠨᠢ 2 ᠨᠠᠮ ᠤᠨ ᠵᠢᠵᠢᠭ ᠳᠣᠭᠤᠶᠢᠯᠠᠩ ᠲᠠᠢ᠃ ᠨᠡᠶᠢᠬᠡᠮ ᠳᠤᠭᠤᠷᠢᠭ ᠤᠨ ᠠᠵᠢᠯᠳᠠᠨ 18 ᠨᠡᠷᠡᠰ᠂ ᠳᠤᠤᠷ᠎ᠠ ᠪᠠᠳᠤᠯᠭᠠᠳᠤ 71 ᠡᠷᠤᠬᠡ 115 ᠬᠦᠮᠦᠨ᠂ ᠵᠡᠮᠳᠡᠭ 66 ᠬᠦᠮᠦᠨ᠂ ᠬᠠᠷᠢᠶᠠᠳᠤ ᠤᠷᠤᠨ ᠳᠤ ᠨᠡᠶᠢᠳᠡ ᠦᠢᠯᠡᠳᠪᠤᠷᠢ ᠬᠤᠳᠠᠯᠳᠤᠭᠠᠨ ᠤ ᠡᠷᠤᠬᠡ 292᠂ ᠠᠵᠤ ᠠᠬᠤᠶᠢᠯᠠᠯ 27 ᠡᠷᠤᠬᠡ ᠪᠠᠶᠢᠨ᠎ᠠ᠃      ᠯᠢᠤᠢ ᠬᠤᠸᠠᠨ ᠨᠡᠶᠢᠬᠡᠮ ᠳᠤᠭᠤᠷᠢᠭ      ᠯᠢᠤᠢ ᠬᠤᠸᠠᠨ ᠳᠤᠭᠤᠷᠢᠭ 2002 ᠤᠨ ᠳᠤ ᠪᠠᠶᠢᠭᠤᠯᠤᠭᠳᠠᠵᠤ᠂ 2017 ᠤᠨ ᠤ 9 ᠰᠠᠷ᠎ᠠ ᠶᠢᠨ ᠰᠡᠬᠦᠯᠴᠢ ᠪᠠᠷ ᠬᠤᠤᠯᠢᠩᠭᠤᠤᠯ ᠬᠤᠳᠠ ᠶᠢᠨ ᠰᠢᠨ ᠶᠤᠸᠠᠨ ᠵᠢᠵᠢᠭ ᠳᠤᠭᠤᠷᠢᠭ ᠤᠨ B4 ᠠᠰᠠᠷ ᠤᠨ ᠬᠠᠵᠠᠭᠤ ᠳᠤ ᠨᠡᠬᠦᠵᠤ᠂ ᠬᠠᠷᠢᠶᠠᠯᠠᠭᠳᠠᠵᠤ ᠪᠠᠶᠢᠭ᠎ᠠ ᠬᠦᠷᠢᠶ᠎ᠡ ᠬᠡᠪᠴᠢᠶ᠎ᠡ ᠨᠢ ᠡᠮᠦᠨᠡᠰᠢ ᠪᠠᠨ ᠶᠦᠨ ᠲᠦᠩ ᠮᠠᠰᠢᠨ ᠳᠡᠷᠬᠡ ᠰᠡᠯᠪᠢᠨ ᠵᠠᠰᠠᠬᠤ ᠺᠤᠮᠫᠠᠨᠢ ᠬᠦᠷᠴᠣ᠂ ᠬᠤᠶᠢᠨᠠᠰᠢ ᠪᠠᠨ ᠵᠢᠢ ᠰᠢᠶᠠᠩ ᠬᠦᠷᠢᠶᠡᠯᠡᠩ ᠬᠦᠷᠦᠨ᠎ᠡ᠃ ᠨᠡᠶᠢᠬᠡᠮ ᠳᠤᠭᠤᠷᠢᠭ ᠤᠨ ᠤᠳᠤ ᠪᠠᠶᠢᠬᠤ ᠰᠠᠭᠤᠭᠠᠯᠢ ᠠᠷᠠᠳ ᠤᠨ 68 ᠰᠠᠭᠤᠷᠢ ᠠᠰᠠᠷ 3320 ᠡᠷᠤᠬᠡ᠂ ᠶᠡᠷᠤᠩᠬᠡᠢ ᠬᠦᠮᠦᠨ ᠠᠮᠠ ᠳᠤᠭ᠎ᠠ 8102 ᠬᠦᠮᠦᠨ ᠪᠠᠶᠢᠵᠤ᠂ ᠡᠬᠦᠨ ᠤ ᠳᠤᠳᠤᠷ᠎ᠠ ᠨᠡᠬᠦᠳᠡᠯ ᠬᠦᠮᠦᠨ ᠠᠮᠠ 4813 ᠬᠦᠮᠦᠨ ᠪᠠᠶᠢᠨ᠎ᠠ᠃ ᠬᠠᠷᠢᠶᠠᠳᠤ ᠤᠷᠤᠨ ᠤ ᠳᠤᠳᠤᠷ᠎ᠠ ᠨᠠᠮ ᠤᠨ ᠬᠡᠰᠢᠬᠦᠨ 60 ᠬᠦᠮᠦᠨ᠂ ᠡᠬᠦᠨ ᠤ ᠳᠤᠳᠤᠷ᠎ᠠ ᠠᠵᠢᠯ ᠤᠨ ᠪᠠᠶᠢᠷᠢᠨ ᠳᠤ ᠪᠠᠶᠢᠭ᠎ᠠ ᠨᠠᠮ ᠤᠨ ᠬᠡᠰᠢᠬᠦᠨ 35 ᠬᠦᠮᠦᠨ᠂ ᠰᠠᠭᠤᠭᠠᠯᠢ ᠠᠷᠠᠳ ᠤᠨ ᠨᠠᠮ ᠤᠨ ᠬᠡᠰᠢᠬᠦᠨ 25 ᠬᠦᠮᠦᠨ ᠪᠠᠶᠢᠵᠤ᠂ ᠤᠳᠤ  ᠳᠤ ᠪᠠᠶᠢᠭ᠎ᠠ ᠨᠡᠶᠢᠬᠡᠮ ᠳᠤᠭᠤᠷᠢᠭ ᠤᠨ ᠠᠵᠢᠯᠳᠠᠨ 18 ᠬᠦᠮᠦᠨ᠂ ᠡᠬᠦᠨ ᠤ ᠳᠤᠳᠤᠷ᠎ᠠ ᠨᠡᠶᠢᠬᠡᠮ ᠳᠤᠭᠤᠷᠢᠭ ᠤᠨ ᠨᠠᠮ ᠤᠨ ᠬᠡᠰᠢᠬᠦᠨ 5 ᠬᠦᠮᠦᠨ ᠪᠠᠶᠢᠨ᠎ᠠ᠃ ᠬᠠᠷᠢᠶᠠᠳᠤ ᠤᠷᠤᠨ ᠤ ᠳᠤᠳᠤᠷ᠎ᠠ ᠤᠷᠴᠢᠨ ᠠᠬᠤᠢ ᠶᠢᠨ ᠳᠤᠪᠴᠢᠶ᠎ᠠ᠂ ᠤᠷᠴᠢᠨ ᠠᠬᠤᠢ ᠶᠢᠨ ᠬᠠᠮᠠᠭᠠᠯᠠᠯᠳᠠ ᠶᠢᠨ ᠭᠠᠵᠠᠷ ᠵᠡᠷᠬᠡ ᠪᠠᠶᠢᠭᠤᠯᠭ᠎ᠠ ᠠᠵᠤ ᠠᠬᠤᠶᠢᠯᠠᠯ ᠠᠵᠢᠯ ᠦᠢᠯᠡᠰ ᠤᠨ ᠨᠢᠬᠡᠴᠡ ᠪᠠᠶᠢᠨ᠎ᠠ᠃ ᠬᠠᠷᠢᠶᠠᠯᠠᠭᠳᠠᠵᠤ ᠪᠠᠶᠢᠭ᠎ᠠ ᠤᠷᠤᠨ ᠳᠤ ᠶᠦᠨ ᠲᠦᠩ ᠤᠨ ᠬᠤᠶᠢᠨ᠎ᠠ ᠳᠠᠯ᠎ᠠ ᠶᠢᠨ ᠰᠤᠯᠠ ᠡᠷᠤᠬᠡ᠂ ᠳᠠᠯ᠎ᠠ ᠨᠤᠳᠤᠭ ᠤᠨ ᠬᠡᠷᠡᠯᠳᠤ ᠰᠤᠪᠤᠳ ᠳᠤᠭᠤᠷᠢᠭ ᠤᠨ ᠨᠢᠬᠡᠳᠤᠭᠡᠷ ᠬᠤᠭᠤᠴᠠᠭ᠎ᠠ᠂ ᠬᠤᠶᠠᠳᠤᠭᠠᠷ ᠬᠤᠭᠤᠴᠠᠭ᠎ᠠ᠂ ᠵᠤᠴᠢᠨ ᠤᠭᠳᠤᠬᠤ ᠬᠦᠷᠢᠶᠡᠯᠡᠩ ᠤᠨ A᠂ B ᠳᠤᠭᠤᠷᠭ᠂ ᠵᠢᠢ ᠰᠢᠶᠠᠩ ᠬᠦᠷᠢᠶᠡᠯᠡᠩ᠂ ᠰᠢᠨ ᠶᠤᠸᠠᠨ ᠵᠢᠵᠢᠭ ᠳᠤᠭᠤᠷᠢᠭ ᠵᠡᠷᠬᠡ ᠶᠢᠨ 15 ᠳᠤᠤᠷ ᠴᠡᠭ ᠪᠠᠶᠢᠨ᠎ᠠ᠃       ᠵᠦᠩ ᠰᠢᠩ ᠨᠡᠶᠢᠬᠡᠮ ᠳᠤᠭᠤᠷᠢᠭ       ᠵᠦᠩ ᠰᠢᠩ ᠨᠡᠶᠢᠬᠡᠮ ᠳᠤᠭᠤᠷᠢᠭ 2006 ᠤᠨ ᠤ 11 ᠰᠠᠷ᠎ᠠ ᠳᠤ ᠪᠠᠶᠢᠭᠤᠯᠤᠭᠳᠠᠵᠤ᠂ ᠬᠤᠶᠢᠨᠠᠰᠢ ᠪᠠᠨ ᠵᠦᠰᠬᠤᠸᠠ ᠶᠡᠭᠡ ᠵᠡᠬᠡᠯᠢ᠂ ᠡᠮᠤᠨᠡᠰᠢ ᠪᠠᠨ ᠵᠢᠷᠢᠮ ᠶᠡᠭᠡ ᠵᠡᠬᠡᠯᠢ᠂ ᠪᠠᠷᠠᠭᠤᠨᠰᠢ ᠪᠠᠨ ᠴᠤᠸᠠᠩ ᠶᠧ ᠵᠠᠮ᠂ ᠵᠡᠬᠦᠨᠰᠢ  ᠪᠠᠨ ᠪᠢᠨ ᠡᠾᠧ ᠵᠠᠮ ᠬᠦᠷᠴᠦ᠂ ᠶᠡᠷᠤᠩᠬᠡᠢ ᠳᠠᠯᠠᠪᠠᠢ ᠨᠢ ᠪᠠᠷᠤᠭ 5 ᠳᠡᠭᠰᠢ ᠳᠦᠷᠪᠡᠯᠵᠢᠨ ᠺᠢᠯᠤᠮᠧᠲᠷ ᠪᠠᠶᠢᠨ᠎ᠠ᠃ ᠪᠠᠶᠢᠩᠭᠤ ᠰᠠᠭᠤᠭ᠎ᠠ ᠰᠠᠭᠤᠭᠠᠯᠢ ᠠᠷᠠᠳ 2395 ᠡᠷᠤᠬᠡ 4471 ᠬᠦᠮᠦᠨ ᠪᠠᠶᠢᠵᠤ᠂ ᠨᠡᠬᠦᠳᠡᠯ ᠬᠦᠮᠦᠨ ᠠᠮᠠ 1797 ᠬᠦᠮᠦᠨ᠂ ᠳᠤᠤᠷ᠎ᠠ ᠪᠠᠳᠤᠯᠭᠠᠳᠤ 87 ᠡᠷᠤᠬᠡ 141 ᠬᠦᠮᠦᠨ᠂ ᠵᠡᠮᠳᠡᠭ ᠬᠦᠮᠦᠨ 78 ᠬᠦᠮᠦᠨ᠂ ᠵᠡᠮᠳᠡᠭ ᠬᠡᠤᠬᠡᠳ ᠲᠠᠢ 3 ᠡᠷᠤᠬᠡ᠂ ᠬᠠᠷᠢᠶᠠᠳᠤ ᠤᠷᠤᠨ ᠤ ᠠᠵᠤ ᠠᠬᠤᠶᠢᠯᠠᠯ ᠤᠨ ᠨᠢᠬᠡᠴᠡ 17 ᠡᠷᠤᠬᠡ᠂ ᠬᠤᠳᠠᠯᠳᠤᠭᠠᠨ  ᠤ ᠳᠤᠤᠷ ᠴᠡᠭ 338 ᠪᠠᠶᠢᠨ᠎ᠠ᠃ ᠨᠡᠶᠢᠬᠡᠮ ᠳᠤᠭᠤᠷᠢᠭ ᠤᠨ ᠨᠠᠮ ᠤᠨ ᠡᠬᠦᠷ ᠤᠨ ᠪᠦᠷᠢᠯᠳᠤᠬᠦᠨ ᠬᠡᠰᠢᠬᠦᠨ 6 ᠨᠡᠷᠡᠰ᠂ ᠡᠬᠦᠨ ᠤ ᠳᠤᠳᠤᠷ᠎ᠠ ᠪᠠᠭ ᠤᠨ ᠪᠦᠷᠢᠯᠳᠦᠬᠦᠨ ᠬᠡᠰᠢᠬᠦᠨ 3 ᠬᠦᠮᠦᠨ ᠪᠠᠶᠢᠨ᠎ᠠ᠃ ᠨᠡᠶᠢᠬᠡᠮ ᠳᠤᠭᠤᠷᠢᠭ ᠤᠨ ᠰᠠᠭᠤᠭᠠᠯᠢ ᠠᠷᠠᠳ ᠤᠨ ᠨᠠᠮ ᠤᠨ ᠬᠡᠰᠢᠬᠦᠨ 39 ᠨᠡᠷᠡᠰ᠂ ᠠᠵᠢᠯ ᠤᠨ ᠪᠠᠶᠢᠷᠢᠨ ᠳᠤ ᠪᠠᠶᠢᠭ᠎ᠠ ᠨᠠᠮ ᠤᠨ ᠬᠡᠰᠢᠬᠦᠨ 45 ᠨᠡᠷᠡᠰ᠂ ᠡᠮᠡᠭᠳᠡᠢ ᠨᠠᠮ ᠤᠨ ᠬᠡᠰᠢᠬᠦᠨ 53 ᠨᠡᠷᠡᠰ᠂ ᠨᠡᠬᠦᠳᠡᠯ ᠨᠠᠮ ᠤᠨ ᠬᠡᠰᠢᠬᠦᠨ 4 ᠨᠡᠷᠡᠰ ᠪᠠᠶᠢᠨ᠎ᠠ᠃ ᠨᠡᠶᠢᠬᠡᠮ ᠳᠤᠭᠤᠷᠢᠭ ᠲᠤ ᠤᠳᠤ 14 ᠠᠵᠢᠯᠳᠠᠨ ᠲᠠᠢ᠂ ᠳᠡᠭᠰᠢᠳᠬᠡᠭᠰᠡᠨ ᠨᠠᠰᠤ ᠨᠢ 38᠂ ᠳᠡᠬᠡᠳᠤ ᠵᠡᠷᠬᠡ ᠶᠢᠨ ᠳᠤᠰᠬᠠᠢ ᠮᠡᠷᠬᠡᠵᠢᠯ ᠤᠨ ᠰᠤᠷᠭᠠᠭᠤᠯᠢ ᠶᠢᠨ ᠨᠠᠮᠳᠠᠷ ᠲᠠᠢ 8 ᠬᠦᠮᠦᠨ ᠪᠠᠶᠢᠨ᠎ᠠ᠃      ᠰᠢᠨ᠎ᠡ ᠯᠢᠤ ᠱᠢ ᠳ᠋ᠦᠩ ᠨᠡᠶᠢᠬᠡᠮ ᠳᠤᠭᠤᠷᠢᠭ      ᠰᠢᠨ᠎ᠡ ᠯᠢᠤ ᠱᠢ ᠳ᠋ᠦᠩ ᠨᠡᠶᠢᠬᠡᠮ ᠳᠤᠭᠤᠷᠢᠭ 2016 ᠤᠨ ᠤ 6 ᠰᠠᠷ᠎ᠠ ᠳᠤ ᠪᠠᠶᠢᠭᠤᠯᠤᠭᠳᠠᠵᠤ᠂ ᠬᠠᠷᠢᠶᠠᠳᠤ ᠤᠷᠤᠨ ᠤ ᠶᠡᠷᠤᠩᠬᠡᠢ ᠳᠠᠯᠠᠪᠠᠢ ᠨᠢ 2.8 ᠳᠡᠭᠰᠢ ᠳᠦᠷᠪᠡᠯᠵᠢᠨ ᠺᠢᠯᠤᠮᠧᠲᠷ ᠪᠠᠶᠢᠵᠤ᠂ ᠬᠠᠷᠢᠶᠠᠳᠤ ᠤᠷᠤᠨ ᠤ ᠤᠷᠤᠨ ᠳᠤᠭᠤᠷᠢᠭ ᠨᠢ ᠡᠮᠤᠨᠡᠰᠢ ᠪᠠᠨ ᠠᠭᠤᠷᠬᠠᠢ ᠶᠢᠨ ᠵᠠᠰᠠᠮᠠᠯ ᠵᠠᠮ᠂ ᠬᠤᠶᠢᠨᠠᠰᠢ ᠪᠠᠨ ᠬᠤᠶᠠᠳᠤᠭᠠᠷ ᠮᠠᠯᠳᠠᠯᠭ᠎ᠠ ᠶᠢᠨ ᠳᠠᠯᠠᠪᠠᠢ ᠶᠢᠨ ᠵᠠᠮ ᠤᠨ ᠡᠮᠤᠨ᠎ᠡ᠂ ᠵᠡᠬᠦᠨᠰᠢ ᠪᠠᠨ ᠶᠠᠨ ᠱᠠᠨ ᠵᠠᠮ᠂ ᠪᠠᠷᠠᠭᠤᠨᠰᠢ ᠪᠠᠨ ᠰᠢᠷᠤᠢ ᠭᠠᠷᠭᠠᠬᠤ ᠳᠠᠯᠠᠪᠤᠷ ᠬᠦᠷᠦᠨ᠎ᠡ᠂ ᠬᠠᠷᠢᠶᠠᠳᠤ ᠤᠷᠤᠨ ᠤ ᠳᠤᠳᠤᠷ᠎ᠠ ᠰᠠᠭᠤᠭᠠᠯᠢ ᠠᠷᠠᠳ ᠤᠨ ᠵᠢᠵᠢᠭ ᠳᠤᠭᠤᠷᠢᠭ 5᠂ ᠠᠵᠤ ᠠᠬᠤᠶᠢᠯᠠᠯ ᠠᠵᠢᠯ ᠦᠢᠯᠡᠰ ᠤᠨ ᠨᠢᠬᠡᠴᠡ 5᠂ ᠨᠡᠶᠢᠬᠡᠮ ᠳᠤᠭᠤᠷᠢᠭ ᠤᠨ ᠡᠷᠡᠬᠦᠯ ᠬᠠᠮᠠᠭᠠᠯᠠᠯ ᠤᠨ ᠦᠢᠯᠡᠴᠢᠯᠡᠬᠡᠨ ᠤ ᠭᠠᠵᠠᠷ 1᠂ ᠬᠤᠳᠠᠯᠳᠤᠭᠠᠨ ᠤ ᠦᠢᠯᠡᠰ ᠤᠨ ᠴᠡᠭ 36 ᠡᠷᠤᠬᠡ ᠪᠠᠶᠢᠨ᠎ᠠ᠃ ᠶᠡᠷᠤᠩᠬᠡᠢ ᠠᠮᠠᠨ ᠳᠤᠭ᠎ᠠ 3912 ᠡᠷᠤᠬᠡ᠂ 9516 ᠬᠦᠮᠦᠨ ᠪᠠᠶᠢᠨ᠎ᠠ᠂ ᠡᠬᠦᠨ ᠤ ᠳᠤᠳᠤᠷ᠎ᠠ ᠴᠦᠬᠡᠨ ᠳᠤᠭᠠᠳᠤ ᠦᠨᠳᠤᠰᠤᠳᠡᠨ 5216 ᠬᠦᠮᠦᠨ᠂ ᠨᠡᠬᠦᠳᠡᠯ ᠠᠮᠠᠨ ᠳᠤᠭ᠎ᠠ 4100 ᠬᠦᠮᠦᠨ ᠪᠠᠶᠢᠨ᠎ᠠ᠂ ᠳᠤᠤᠷ᠎ᠠ ᠪᠠᠳᠤᠯᠭᠠᠳᠤ ᠡᠷᠤᠬᠡ 312 ᠡᠷᠤᠬᠡ 536 ᠬᠦᠮᠦᠨ᠂ ᠵᠡᠮᠳᠡᠭ ᠬᠦᠮᠦᠨ 76 ᠬᠦᠮᠦᠨ ᠪᠠᠶᠢᠨ᠎ᠠ᠃ ᠨᠡᠶᠢᠬᠡᠮ ᠳᠤᠭᠤᠷᠢᠭ ᠤᠨ ᠠᠵᠢᠯᠯᠠᠭᠠᠨ ᠤ ᠳᠠᠯᠠᠪᠠᠢ 2790 ᠳᠡᠭᠰᠢ ᠳᠦᠷᠪᠡᠯᠵᠢᠨ ᠮᠧᠲᠷ᠂ 17 ᠴᠢᠳᠠᠪᠬᠢᠳᠣ ᠳᠠᠰᠤᠭ ᠳᠣᠬᠢᠷᠠᠭᠤᠯᠵᠠᠢ᠃ ᠤᠳᠤ ᠳᠤ 21 ᠠᠵᠢᠯᠳᠠᠨ ᠲᠠᠢ ᠪᠠᠶᠢᠵᠤ᠂ ᠨᠡᠶᠢᠬᠡᠮ ᠳᠤᠭᠤᠷᠢᠭ ᠤᠨ ᠨᠠᠮ ᠤᠨ ᠬᠡᠰᠢᠬᠦᠨ 8 ᠬᠦᠮᠦᠨ᠂ ᠰᠠᠭᠤᠭᠠᠯᠢ ᠠᠷᠠᠳ ᠤᠨ ᠨᠠᠮ ᠤᠨ ᠬᠡᠰᠢᠬᠦᠨ 28 ᠬᠦᠮᠦᠨ ᠪᠠᠶᠢᠨ᠎ᠠ᠃
 
ᠢᠷᠡᠯᠲᠡ᠄ ᠬᠤᠤᠯᠢᠩᠭᠣᠣᠯ ᠬᠤᠳᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号