ᠳᠠᠯᠠᠶᠢᠬᠤᠰᠢᠭᠤ ᠰᠤᠮᠤ ᠶᠢᠨ ᠳᠠᠨᠢᠯᠴᠠᠭᠤᠯᠭ᠎ᠠ
ᠨᠡᠶᠢᠲᠡᠯᠡᠭᠰᠡᠨ ᠴᠠᠭ᠄
2018-07-06
      ᠳᠠᠯᠠᠶᠢᠬᠤᠰᠢᠭᠤ ᠰᠤᠮᠤ ᠪᠤᠯ 2015 ᠤᠨ ᠤ 3 ᠰᠠᠷ᠎ᠠ ᠳᠤ ᠳᠠᠯᠠᠶᠢᠬᠤᠰᠢᠭᠤ ᠵᠡᠬᠡᠯᠢ ᠭᠤᠳᠤᠮᠵᠢ ᠶᠢ ᠦᠬᠡᠷᠡᠴᠢᠯᠡᠨ ᠪᠠᠶᠢᠭᠤᠯᠵᠠᠢ᠂ ᠪᠠᠷᠠᠭᠤᠨ ᠪᠤᠷᠭᠠᠰᠤᠳᠠᠢ ᠭᠠᠴᠠᠭ᠎ᠠ᠂ ᠬᠦᠨᠳᠡᠢ ᠶᠢᠨ ᠭᠠᠴᠠᠭ᠎ᠠ᠂ ᠳᠠᠯᠠᠶᠢᠬᠤᠰᠢᠭᠤ ᠳᠤᠰᠬᠤᠨ᠂ ᠬᠡᠷᠡᠮᠳᠤ ᠳᠤᠰᠬᠤᠨ᠂ ᠴᠠᠭᠳᠠᠭ᠎ᠠ ᠳᠤᠰᠬᠤᠨ ᠵᠡᠷᠬᠡ 5 ᠭᠠᠴᠠᠭ᠎ᠠ ᠳᠤᠰᠬᠤᠨ ᠬᠠᠷᠢᠶᠠᠯᠠᠭᠳᠠᠵᠤ ᠪᠠᠭᠳᠠᠨ᠎ᠠ᠃ ᠵᠠᠰᠠᠭ ᠵᠠᠬᠢᠷᠭᠠᠨ ᠤ ᠤᠷᠤᠨ ᠤ ᠳᠠᠯᠠᠪᠠᠢ ᠨᠢ 300.72 ᠳᠡᠭᠰᠢ ᠳᠦᠷᠪᠡᠯᠵᠢᠨ ᠺᠢᠯᠤᠮᠧᠲᠷ ᠪᠠᠶᠢᠵᠤ᠂ ᠤᠳᠤ ᠶᠢᠨ ᠳᠠᠷᠢᠶᠠᠨ ᠭᠠᠵᠠᠷ ᠨᠢ 1.9 ᠳᠦᠮᠡᠨ ᠮᠤ᠋᠂ ᠳᠠᠷᠢᠶᠠᠯᠠᠬᠤ ᠶᠢ ᠵᠤᠭᠰᠤᠭᠠᠵᠤ ᠤᠢ ᠰᠢᠭᠤᠢ ᠶᠢ ᠰᠡᠷᠬᠦᠬᠡᠭᠰᠡᠨ ᠭᠠᠵᠠᠷ 1.5 ᠳᠦᠮᠡᠨ ᠮᠤ᠋᠂ ᠡᠪᠡᠰᠤ ᠪᠡᠯᠴᠢᠬᠡᠷ ᠤᠨ ᠳᠠᠯᠠᠪᠠᠢ 18.4 ᠳᠦᠮᠡᠨ ᠮᠤ᠋ ᠪᠠᠶᠢᠨ᠎ᠠ᠃ ᠬᠠᠷᠢᠶᠠᠳᠤ ᠤᠷᠤᠨ ᠳᠤ ᠨᠡᠶᠢᠳᠡ 2989 ᠡᠷᠤᠬᠡ 8954 ᠬᠦᠮᠦᠨ ᠪᠠᠶᠢᠵᠤ᠂ ᠡᠬᠦᠨ ᠤ ᠳᠤᠳᠤᠷ᠎ᠠ ᠪᠠᠶᠢᠩᠭᠤ ᠰᠠᠭᠤᠭ᠎ᠠ ᠠᠮᠠᠨ ᠳᠤᠭ᠎ᠠ ᠨᠢ 6036 ᠬᠦᠮᠦᠨ ᠪᠠᠶᠢᠨ᠎ᠠ᠃ ᠰᠤᠮᠤ ᠶᠢᠨ ᠨᠠᠮ ᠤᠨ ᠬᠤᠷᠢᠶ᠎ᠠ ᠳᠤ ᠨᠠᠮ ᠤᠨ ᠶᠡᠷᠤᠩᠬᠡᠢ ᠡᠬᠦᠷ 1 ᠪᠠᠶᠢᠵᠤ᠂ 9 ᠨᠠᠮ ᠤᠨ ᠡᠬᠦᠷ ᠪᠠᠶᠢᠨ᠎ᠠ᠃ ᠨᠠᠮ ᠤᠨ ᠬᠡᠰᠢᠬᠦᠨ ᠨᠡᠶᠢᠳᠡ 271 ᠬᠦᠮᠦᠨ᠂ ᠡᠬᠦᠨ ᠤ ᠳᠤᠳᠤᠷ᠎ᠠ ᠳᠠᠷᠢᠶᠠᠴᠢᠨ ᠮᠠᠯᠴᠢᠨ ᠨᠠᠮ ᠤᠨ ᠬᠡᠰᠢᠬᠦᠨ 238 ᠬᠦᠮᠦᠨ ᠪᠠᠶᠢᠨ᠎ᠠ᠃ ᠡᠯ᠎ᠡ ᠳᠦᠷᠦᠯ ᠤᠨ ᠬᠤᠷᠰᠢᠭᠰᠠᠨ ᠵᠤᠬᠢᠶᠠᠨ ᠪᠠᠶᠢᠭᠤᠯᠤᠯᠳᠠ 8 ᠪᠠᠶᠢᠨ᠎ᠠ᠃ ᠬᠠᠷᠢᠶᠠᠳᠤ ᠤᠷᠤᠨ ᠤ ᠠᠵᠤ ᠦᠢᠯᠡᠰ ᠤᠨ ᠪᠦᠳᠦᠴᠡ ᠨᠠᠷᠢᠨ ᠪᠤᠳᠤᠯᠢᠶᠠᠨᠳᠠᠢ᠂ ᠪᠠᠷᠠᠭᠤᠨ ᠪᠤᠷᠭᠠᠰᠤᠳᠠᠢ ᠭᠠᠴᠠᠭ᠎ᠠ᠂ ᠳᠠᠯᠠᠶᠢᠬᠤᠰᠢᠭᠤ ᠳᠤᠰᠬᠤᠨ ᠨᠢ ᠳᠠᠷᠢᠮᠠᠯ ᠤᠨ ᠦᠢᠯᠡᠰ ᠬᠢᠬᠡᠳ ᠬᠦᠳᠡᠯᠮᠤᠷᠢ ᠦᠢᠯᠡᠴᠢᠯᠡᠬᠡᠨ ᠤ ᠭᠠᠷᠭᠠᠯᠭ᠎ᠠ ᠢᠶᠠᠷ ᠭᠤᠤᠯ ᠪᠤᠯᠭᠠᠵᠤ︔ ᠴᠠᠭᠳᠠᠭ᠎ᠠ ᠳᠤᠰᠬᠤᠨ᠂ ᠬᠡᠷᠡᠮᠳᠤ ᠳᠤᠰᠬᠤᠨ ᠮᠠᠯ ᠠᠵᠤ ᠠᠬᠤᠢ ᠪᠠᠷ ᠭᠤᠤᠯ ᠪᠤᠯᠭᠠᠵᠤ︔ ᠬᠦᠨᠳᠡᠢ ᠶᠢᠨ ᠭᠠᠴᠠᠭ᠎ᠠ ᠮᠠᠯ ᠠᠵᠤ ᠠᠬᠤᠢ ᠬᠢᠬᠡᠳ ᠬᠦᠳᠡᠯᠮᠤᠷᠢ ᠶᠢᠨ ᠦᠢᠯᠡᠴᠢᠯᠡᠬᠡᠨ ᠤ ᠭᠠᠷᠭᠠᠯᠭ᠎ᠠ ᠪᠠᠷ ᠭᠤᠤᠯ ᠪᠤᠯᠭᠠᠵᠤ ᠪᠠᠶᠢᠨ᠎ᠠ᠃       ᠲᠠᠯᠠᠶᠢᠬᠤᠰᠢᠭᠤ ᠳᠤᠰᠬᠤᠨ      ᠮᠠᠨ ᠤ ᠬᠤᠳᠠ ᠶᠢᠨ ᠵᠡᠬᠦᠨ ᠡᠮᠦᠨ᠎ᠡ ᠬᠡᠰᠡᠭ ᠲᠤ ᠪᠠᠶᠢᠷᠢᠯᠠᠵᠣ᠂ ᠲᠦᠸᠧ ᠰᠢᠤ᠂ ᠢ ᠵᠤᠸᠠᠨ᠂ ᠰᠧ ᠴᠢ ᠡᠯ᠂ ᠡᠮᠤᠨ᠎ᠡ ᠳᠡᠬᠦᠷᠬᠡ᠂ ᠭᠤᠷᠪᠠᠳᠤᠭᠠᠷ ᠨᠤᠮᠧᠷᠳᠤ ᠪᠤᠯᠠᠭ᠂ ᠭᠤᠤᠯ ᠬᠡᠰᠡᠭ ᠤᠷᠤᠨ᠂ ᠨᠠᠮ ᠤᠨ ᠰᠤᠷᠭᠠᠭᠤᠯᠢ ᠶᠢᠨ ᠭᠤᠤ ᠵᠡᠷᠬᠡ ᠶᠢᠨ ᠳᠤᠯᠤᠭᠠᠨ ᠬᠡᠰᠡᠭ ᠤᠷᠤᠨ ᠢᠶᠠᠷ ᠪᠦᠷᠢᠯᠳᠤᠵᠡᠢ᠃ ᠵᠠᠰᠠᠭ ᠵᠠᠬᠢᠷᠭᠠᠨ ᠤ ᠤᠷᠤᠨ ᠳᠤᠭᠤᠷᠢᠭ ᠤᠨ ᠲᠠᠯᠠᠪᠠᠢ ᠨᠢ 34.73 ᠲᠡᠭᠰᠢ ᠲᠦᠷᠪᠡᠯᠵᠢᠨ ᠺᠢᠯᠣᠮᠧᠲᠷ ᠪᠠᠶᠢᠵᠣ᠂ ᠪᠦᠬᠦ ᠳᠤᠰᠬᠤᠨ ᠤ ᠬᠦᠮᠦᠨ ᠠᠮᠠ 845 ᠡᠷᠦᠬᠡ 2411 ᠬᠦᠮᠦᠨ ᠲᠠᠢ︔ ᠪᠠᠶᠢᠩᠭᠤ ᠰᠠᠭᠤᠭ᠎ᠠ ᠤᠷᠤᠨ ᠰᠠᠭᠤᠴᠠ 661 ᠡᠷᠤᠬᠡ 1893 ᠬᠦᠮᠦᠨ ᠪᠠᠶᠢᠨ᠎ᠠ᠃ ᠳᠠᠷᠢᠮᠠᠯ ᠤᠨ ᠦᠢᠯᠡᠰ ᠬᠢᠬᠡᠳ ᠬᠦᠳᠡᠯᠮᠤᠷᠢ ᠶᠢᠨ ᠦᠢᠯᠡᠴᠢᠯᠡᠬᠡᠨ ᠤ ᠭᠠᠷᠭᠠᠯᠭ᠎ᠠ ᠪᠠᠷ ᠭᠤᠤᠯᠯᠠᠬᠤ ᠦᠢᠯᠡᠰ ᠢᠶᠠᠨ ᠪᠤᠯᠭᠠᠵᠤ ᠪᠠᠶᠢᠨ᠎ᠠ᠂ ᠮᠠᠯ ᠤᠨ ᠳᠤᠭ᠎ᠠ 4350 ᠳᠤᠯᠤᠭᠠᠢ ᠲᠤ ᠬᠦᠷᠴᠦ᠂ ᠳᠠᠬᠢᠶ᠎ᠠ ᠳᠡᠵᠢᠬᠡᠵᠤ ᠪᠠᠶᠢᠭ᠎ᠠ ᠡᠷᠤᠬᠡ 2᠂ ᠵᠢᠬᠦᠷᠳᠡᠨ ᠤ ᠳᠦᠷᠦᠯ 2.5 ᠳᠦᠮᠡ ᠪᠤᠯᠵᠤ ᠪᠠᠶᠢᠨ᠎ᠠ᠃ ᠳᠤᠰᠬᠤᠨ ᠤ ︽ᠬᠤᠶᠠᠷ ᠵᠦᠪᠯᠡᠯ︾ ᠤᠨ ᠪᠠᠭ ᠤᠨ ᠪᠦᠷᠢᠯᠳᠤᠬᠦᠨ ᠬᠡᠰᠢᠬᠦᠨ 8 ᠬᠦᠮᠦᠨ ᠪᠠᠶᠢᠵᠤ᠂ ᠡᠬᠦᠨ ᠤ ᠳᠤᠳᠤᠷ᠎ᠠ ᠨᠠᠮ ᠤᠨ ᠡᠬᠦᠷ ᠲᠤ 3 ᠬᠦᠮᠦᠨ᠂ ᠳᠤᠰᠬᠤᠨ ᠤ ᠵᠦᠪᠯᠡᠯ ᠲᠤ 5 ᠬᠦᠮᠦᠨ᠂ ᠨᠠᠮ ᠤᠨ ᠬᠡᠰᠢᠬᠦᠨ 55 ᠬᠦᠮᠦᠨ ᠪᠠᠶᠢᠨ᠎ᠠ᠃       ᠴᠠᠭᠳᠠᠭ᠎ᠠ ᠳᠤᠰᠬᠤᠨ      ᠮᠠᠨ ᠤ ᠬᠤᠳᠠ ᠶᠢᠨ ᠪᠠᠷᠠᠭᠤᠨ ᠳᠠᠯ᠎ᠠ ᠳᠤ ᠪᠠᠶᠢᠷᠢᠯᠠᠵᠣ᠂ ᠬᠤᠳᠠ ᠠᠴᠠ 21 ᠺᠢᠯᠤᠮᠧᠲᠷ ᠵᠠᠢ ᠲᠠᠢ᠂ ᠭᠤᠤᠯ ᠳᠤᠰᠬᠤᠨ ᠪᠤᠯᠤᠨ ᠵᠢᠵᠢᠭ ᠬᠤᠶᠢᠳᠣ ᠠᠶᠢᠯ ᠢᠶᠠᠷ ᠪᠦᠷᠢᠯᠳᠦᠵᠡᠢ᠂ ᠵᠠᠰᠠᠭ ᠵᠠᠬᠢᠷᠭᠠᠨ ᠤ ᠤᠷᠤᠨ ᠳᠤᠭᠤᠷᠢᠭ  ᠤᠨ ᠳᠠᠯᠠᠪᠠᠢ ᠨᠢ 85 ᠳᠡᠭᠰᠢ ᠳᠦᠷᠪᠡᠯᠵᠢᠨ ᠺᠢᠯᠤᠮᠧᠲᠷ ᠪᠠᠶᠢᠵᠤ᠂ ᠬᠠᠷᠢᠶᠠᠳᠤ ᠤᠷᠤᠨ ᠳᠤ ᠨᠡᠶᠢᠳᠡ 522 ᠡᠷᠤᠬᠡ 1390 ᠬᠦᠮᠦᠨ ᠪᠠᠶᠢᠨ᠎ᠠ᠂ ᠪᠠᠶᠢᠩᠭᠤ ᠰᠠᠭᠤᠭ᠎ᠠ ᠬᠦᠮᠦᠨ ᠠᠮᠠᠨ ᠳᠤᠭ᠎ᠠ ᠨᠢ 1135 ᠪᠠᠶᠢᠨ᠎ᠠ᠃ ᠡᠬᠦᠨ ᠤ ᠳᠤᠳᠤᠷ᠎ᠠ ᠭᠤᠤᠯ ᠳᠤᠰᠬᠤᠨ ᠨᠢ 510 ᠡᠷᠤᠬᠡ 1353 ᠬᠦᠮᠦᠨ ᠪᠠᠶᠢᠵᠤ᠂ ᠵᠢᠵᠢᠭ ᠬᠤᠶᠢᠳᠣ ᠠᠶᠢᠯ 12 ᠡᠷᠤᠬᠡ 37 ᠬᠦᠮᠦᠨ ᠪᠠᠶᠢᠨ᠎ᠠ᠃ ᠤᠳᠤ ᠳᠤ ᠪᠠᠶᠢᠬᠤ ᠳᠠᠷᠢᠶᠠᠨ ᠭᠠᠵᠠᠷ ᠨᠢ 3367 ᠮᠤ᠋᠂ ᠳᠠᠷᠢᠶᠠᠯᠠᠬᠤ ᠶᠢ ᠵᠤᠭᠰᠤᠭᠠᠵᠤ ᠤᠢ ᠰᠢᠭᠤᠢ ᠶᠢ ᠰᠡᠷᠬᠦᠬᠡᠭᠰᠡᠨ ᠨᠢ 6035 ᠮᠤ᠋᠂ ᠡᠪᠡᠰᠤ ᠪᠡᠯᠴᠢᠬᠡᠷ ᠤᠨ ᠳᠠᠯᠠᠪᠠᠢ ᠨᠢ 10 ᠳᠦᠮᠡᠨ ᠮᠤ᠋᠂ ᠭᠤᠤᠯᠯᠠᠬᠤ ᠠᠵᠤ ᠦᠢᠯᠡᠰ ᠨᠢ ᠮᠠᠯ ᠠᠵᠤ ᠠᠬᠤᠢ ᠶᠢᠨ ᠦᠢᠯᠡᠰ ᠢᠶᠠᠷ ᠭᠤᠤᠯ ᠪᠤᠯᠭᠠᠵᠤ ᠪᠠᠶᠢᠨ᠎ᠠ᠂ ᠤᠳᠤ ᠪᠠᠶᠢᠬᠤ ᠮᠠᠯ ᠤᠨ ᠶᠡᠷᠤᠩᠬᠡᠢ ᠳᠤᠭ᠎ᠠ 7 ᠳᠦᠮᠡᠨ ᠳᠣᠯᠣᠭᠠᠢ ᠳᠤ ᠬᠦᠷᠴᠡᠢ᠃ ᠳᠤᠰᠬᠤᠨ ᠤ ︽ᠬᠤᠶᠠᠷ ᠵᠦᠪᠯᠡᠯ︾  ᠤᠨ ᠪᠠᠭ ᠤᠨ ᠪᠦᠷᠢᠯᠳᠦᠬᠦᠨ ᠬᠡᠰᠢᠬᠦᠨ ᠨᠢ 6 ᠬᠦᠮᠦᠨ ᠪᠠᠶᠢᠨ᠎ᠠ᠃ ᠡᠬᠦᠨ ᠤ ᠳᠤᠳᠤᠷ᠎ᠠ ᠨᠠᠮ ᠤᠨ ᠬᠡᠰᠢᠬᠦᠨ 3 ᠬᠦᠮᠦᠨ᠂ ᠳᠤᠰᠬᠤᠨ ᠤ ᠵᠦᠪᠯᠡᠯ 3 ᠬᠦᠮᠦᠨ ᠪᠠᠶᠢᠵᠤ᠂ ᠨᠠᠮ ᠤᠨ ᠬᠡᠰᠢᠬᠦᠨ ᠨᠡᠶᠢᠳᠡ 43 ᠬᠦᠮᠦᠨ ᠪᠠᠶᠢᠨ᠎ᠠ᠃      ᠪᠠᠷᠠᠭᠤᠨ ᠪᠤᠷᠭᠠᠰᠤᠳᠠᠢ ᠭᠠᠴᠠᠭ᠎ᠠ      ᠬᠤᠤᠯᠢᠩᠭᠤᠤᠯ ᠬᠤᠳᠠ ᠶᠢᠨ ᠵᠡᠬᠦᠨ ᠬᠡᠰᠡᠭ ᠲᠤ ᠪᠠᠶᠢᠷᠢᠰᠢᠵᠣ᠂ ᠵᠠᠰᠠᠭ ᠵᠠᠬᠢᠷᠭᠠᠨ ᠤ ᠤᠷᠤᠨ ᠳᠤᠭᠤᠷᠢᠭ  ᠤᠨ ᠳᠠᠯᠠᠪᠠᠢ ᠨᠢ 30.9 ᠳᠡᠭᠰᠢ ᠳᠦᠷᠪᠡᠯᠵᠢᠨ ᠺᠢᠯᠤᠮᠧᠲᠷ ᠪᠠᠶᠢᠨ᠎ᠠ᠃ ᠳᠦᠬᠦᠬᠡᠷᠤᠮᠵᠢᠳᠤ ᠳᠠᠷᠢᠶᠠᠯᠠᠩ ᠤᠨ ᠬᠦᠷᠢᠶᠡᠯᠡᠩ ᠳᠤᠭᠤᠷᠢᠭ᠂ ᠶᠡᠭᠡ ᠰᠠᠷᠠᠪᠴᠢ ᠶᠢᠨ ᠳᠤᠭᠤᠷᠢᠭ᠂ ᠠᠭᠤᠯᠠᠨ ᠳᠡᠬᠡᠷ᠎ᠡ᠂ ᠴᠡᠴᠡᠷᠯᠢᠭ ᠤᠨ ᠡᠮᠤᠨ᠎ᠡ᠂ ᠰᠠᠨ ᠡᠾᠧ ᠳᠤᠰᠬᠤᠨ ︵ᠬᠤᠶᠠᠷ ᠬᠡᠰᠡᠭ ᠳᠤᠭᠤᠷᠢᠭ ᠬᠤᠪᠢᠶᠠᠨ᠎ᠠ᠂ ᠨᠢᠬᠡ ᠨᠢ ᠭᠤᠤᠯ ᠳᠤᠰᠬᠤᠨ᠂ ᠬᠤᠶᠠᠷ ᠨᠢ ᠳᠠᠪᠤᠨ ᠨᠦᠬᠦᠳᠤ ᠬᠦᠬᠦᠷᠬᠡ ᠶᠢᠨ ᠡᠮᠤᠨ᠎ᠡ︶᠂ ᠤᠤᠯ ᠤᠨ ᠪᠤᠷᠤᠬᠤᠵᠢᠷ ᠳᠤᠰᠬᠤᠨ ︵ᠬᠤᠶᠠᠷ ᠬᠡᠰᠡᠭ ᠳᠤᠭᠤᠷᠢᠭ ᠬᠤᠪᠢᠶᠠᠨ᠎ᠠ᠂ ᠨᠢᠬᠡ ᠨᠢ ᠳᠡᠮᠤᠷ ᠵᠠᠮ ᠠᠴᠠ ᠬᠤᠶᠢᠨᠠᠬᠢ ᠬᠡᠰᠡᠭ᠂ ᠬᠤᠶᠠᠷ ᠨᠢ ᠤᠤᠯ ᠤᠨ ᠪᠤᠷᠤᠬᠤᠵᠢᠷ ᠳᠤᠰᠬᠤᠨ ᠤ ᠳᠡᠮᠤᠷ ᠵᠠᠮ ᠤᠨ ᠡᠮᠤᠨᠡᠬᠢ ᠭᠤᠤᠯ ᠳᠤᠰᠬᠤᠨ ᠤ ᠬᠠᠨ ᠤᠪᠤᠭᠳᠤ ᠶᠢᠨ ᠬᠡᠷ︶ 8 ᠬᠡᠰᠡᠭ ᠳᠤᠭᠤᠷᠢᠭ ᠢᠶᠠᠷ ᠪᠦᠷᠢᠯᠳᠤᠵᠡᠢ᠃ ᠬᠠᠷᠢᠶᠠᠳᠤ ᠤᠷᠤᠨ ᠳᠤ ᠨᠡᠶᠢᠳᠡ 950 ᠡᠷᠤᠬᠡ 2933 ᠬᠦᠮᠦᠨ ᠪᠠᠶᠢᠨ᠎ᠠ᠂ ᠡᠬᠦᠨ ᠤ ᠳᠤᠳᠤᠷ᠎ᠠ ᠪᠠᠶᠢᠩᠭᠤ ᠰᠠᠭᠤᠭ᠎ᠠ ᠬᠦᠮᠦᠨ ᠠᠮᠠᠨ‌‍ᠲ᠋ᠤᠭ᠎ᠠ 1930 ᠪᠠᠶᠢᠨ᠎ᠠ᠃ ᠳᠠᠷᠢᠶᠠᠯᠠᠬᠤ ᠶᠢ ᠵᠤᠭᠰᠤᠭᠠᠵᠤ ᠤᠢ ᠰᠢᠭᠤᠢ ᠶᠢ ᠰᠡᠷᠬᠦᠬᠡᠭᠰᠡᠨ ᠨᠢ 3166 ᠮᠤ᠋ ᠪᠠᠶᠢᠵᠤ᠂ ᠬᠤᠨᠢ 1200 ᠳᠤᠯᠤᠭᠠᠢ ᠪᠠᠶᠢᠨ᠎ᠠ᠃  ᠳᠠᠷᠢᠮᠠᠯ ᠤᠨ ᠦᠢᠯᠡᠰ ᠪᠤᠯᠤᠨ ᠬᠦᠳᠡᠯᠮᠤᠷᠢ ᠶᠢᠨ ᠦᠢᠯᠡᠴᠢᠯᠡᠬᠡᠨ ᠤ ᠭᠠᠷᠭᠠᠯᠭ᠎ᠠ ᠢᠶᠠᠷ ᠭᠤᠤᠯ ᠦᠢᠯᠡᠰ ᠢᠶᠠᠨ ᠪᠤᠯᠭᠠᠵᠤ ᠪᠠᠶᠢᠨ᠎ᠠ᠃ ᠳᠤᠰᠬᠤᠨ ᠤ ︽ᠬᠤᠶᠠᠷ ᠵᠦᠪᠯᠡᠯ︾ ᠤᠨ ᠪᠠᠭ 7 ᠬᠦᠮᠦᠨ ᠢᠶᠠᠷ ᠪᠦᠷᠢᠯᠳᠤᠵᠤ᠂ ᠡᠬᠦᠨ ᠤ ᠳᠤᠳᠤᠷ᠎ᠠ ᠨᠠᠮ ᠤᠨ ᠶᠡᠷᠤᠩᠬᠡᠢ ᠡᠬᠦᠷ 3 ᠬᠦᠮᠦᠨ᠂ ᠳᠤᠰᠬᠤᠨ ᠤ ᠵᠦᠪᠯᠡᠯ 5 ᠬᠦᠮᠦᠨ᠂ ᠡᠬᠡᠯᠵᠢ ᠶᠢᠨ ᠳᠤᠰᠢᠶᠠᠯ ᠲᠠᠢ 1 ᠬᠦᠮᠦᠨ ᠪᠠᠶᠢᠨ᠎ᠠ᠃ ᠨᠠᠮ ᠤᠨ ᠶᠡᠷᠤᠩᠬᠡᠢ ᠡᠬᠦᠷ ᠲᠤ 3 ᠵᠢᠵᠢᠭ ᠡᠬᠦᠷ ᠲᠠᠢ᠂ ᠡᠬᠦᠨ ᠤ ᠳᠤᠳᠤᠷ᠎ᠠ ᠳᠦᠬᠦᠬᠡᠷᠤᠮᠵᠢᠳᠤ ᠳᠠᠷᠢᠶᠠᠯᠠᠩ ᠤᠨ ᠬᠦᠷᠢᠶᠡᠯᠡᠩ ᠳᠤᠭᠤᠷᠢᠭ ᠤᠨ ᠨᠠᠮ ᠤᠨ ᠡᠬᠦᠷ᠂ ᠬᠤᠷᠰᠢᠭᠰᠠᠨ ᠳᠤᠭᠤᠷᠢᠭ ᠤᠨ ᠨᠠᠮ ᠤᠨ ᠡᠬᠦᠷ ᠪᠤᠯᠤᠨ ᠦᠪᠡᠷᠮᠢᠴᠡ ᠤᠨᠴᠠᠯᠢᠭ  ᠲᠠᠢ ᠨᠠᠮ ᠤᠨ ᠡᠬᠦᠷ ᠪᠠᠶᠢᠭᠤᠯᠵᠤ᠂ ᠨᠡᠶᠢᠳᠡ 65 ᠨᠠᠮ ᠤᠨ ᠬᠡᠰᠢᠬᠦᠨ ᠪᠠᠶᠢᠨ᠎ᠠ᠃      ᠬᠡᠷᠡᠮᠳᠤ ᠳᠤᠰᠬᠤᠨ      ᠤᠤᠯ ᠤᠨ ᠳᠤᠮᠳᠠ ᠬᠡᠷᠡᠮᠳᠤ ᠳᠤᠰᠬᠤᠨ᠂ ᠪᠠᠷᠠᠭᠤᠨ ᠬᠡᠷᠡᠮᠳᠤ ᠳᠤᠰᠬᠤᠨ᠂ ᠵᠡᠬᠦᠨ ᠬᠡᠷᠡᠮᠳᠤ ᠳᠤᠰᠬᠤᠨ ᠢ ᠨᠡᠶᠢᠯᠡᠬᠦᠯᠵᠡᠢ᠃ ᠭᠠᠵᠠᠷ ᠨᠢ ᠬᠤᠤᠯᠢᠩᠭᠤᠤᠯ ᠬᠤᠳᠠ ᠶᠢᠨ ᠪᠠᠷᠠᠭᠤᠨ ᠬᠡᠰᠡᠭ᠂ ᠬᠤᠳᠠ ᠶᠢᠨ ᠳᠤᠭᠤᠷᠢᠭ ᠠᠴᠠ 6 ᠺᠢᠯᠤᠮᠧᠲᠷ ᠵᠠᠶᠢᠳᠠᠢ᠂ ᠵᠠᠰᠠᠭ ᠵᠠᠬᠢᠷᠭᠠᠨ ᠤ ᠤᠷᠤᠨ ᠳᠤᠭᠤᠷᠢᠭ ᠤᠨ ᠳᠠᠯᠠᠪᠠᠢ ᠨᠢ 78.11 ᠳᠡᠭᠰᠢ ᠳᠦᠷᠪᠡᠯᠵᠢᠨ ᠺᠢᠯᠤᠮᠧᠲᠷ ᠪᠠᠶᠢᠨ᠎ᠠ᠃ ᠢ ᠳ᠋ᠤᠤ ᠭᠧᠤ᠂ ᠡᠯ ᠳ᠋ᠤᠤ ᠭᠧᠤ᠂ ᠪᠢᠶᠠᠨ ᠴᠢᠶᠠᠩ ᠽᠢ ᠭᠤᠷᠪᠠᠨ ᠬᠡᠰᠡᠭ ᠢᠶᠠᠷ ᠪᠦᠷᠢᠯᠳᠤᠵᠡᠢ᠃ ᠪᠢᠶᠠᠨ ᠴᠢᠶᠠᠩ ᠽᠢ ᠬᠡᠰᠡᠭ ᠳᠤᠭᠤᠷᠢᠭ ᠶᠢ ᠨᠤᠷᠠᠭᠠᠵᠤ ᠨᠡᠬᠦᠯᠬᠡᠬᠦ ᠳᠤᠭᠤᠷᠢᠭ ᠪᠤᠯᠭᠠᠵᠤ᠂ ᠤᠳᠤ  ᠳᠤ ᠬᠦᠷᠳᠡᠯ᠎ᠡ 6 ᠡᠷᠤᠬᠡ ᠨᠡᠬᠦᠬᠡᠳᠤᠢ᠃ ᠬᠠᠷᠢᠶᠠᠳᠤ ᠤᠷᠤᠨ ᠳᠤ ᠨᠡᠶᠢᠳᠡ 362 ᠡᠷᠤᠬᠡ 1165 ᠬᠦᠮᠦᠨ ᠠᠮᠠᠨ ᠳᠤᠭ᠎ᠠ ᠲᠠᠢ᠃ ᠪᠠᠶᠢᠩᠭᠤ ᠰᠠᠭᠤᠭ᠎ᠠ ᠬᠦᠮᠦᠨ ᠠᠮᠠᠨ ᠳᠤᠭ᠎ᠠ ᠨᠢ 150 ᠡᠷᠤᠬᠡ 520 ᠬᠦᠮᠦᠨ ᠪᠠᠶᠢᠨ᠎ᠠ᠂ ᠡᠬᠦᠨ  ᠤ ᠳᠤᠳᠤᠷ᠎ᠠ ᠢ ᠳ᠋ᠤᠤ ᠭᠧᠤ 50 ᠡᠷᠤᠬᠡ 170 ᠬᠦᠮᠦᠨ᠂ ᠡᠯ ᠳ᠋ᠤᠤ ᠭᠧᠤ 100 ᠡᠷᠤᠬᠡ 350 ᠬᠦᠮᠦᠨ ᠪᠠᠶᠢᠨ᠎ᠠ᠃ ᠮᠠᠯ ᠠᠵᠤ ᠠᠬᠤᠢ ᠢᠶᠠᠷ ᠭᠤᠤᠯᠯᠠᠬᠤ ᠦᠢᠯᠡᠰ ᠢᠶᠠᠨ ᠪᠤᠯᠭᠠᠵᠤ᠂ ᠮᠠᠯ ᠤᠨ ᠳᠤᠭ᠎ᠠ 1.2 ᠳᠤᠯᠤᠭᠠᠢ ᠲᠤ ᠬᠦᠷᠴᠦ᠂ ᠦᠨᠢᠶ᠎ᠡ 12 ᠳᠤᠯᠤᠭᠠᠢ᠂ ᠣᠯᠠᠭᠠᠨ ᠦᠬᠡᠷ 45 ᠳᠤᠯᠤᠭᠠᠢ ᠪᠠᠶᠢᠨ᠎ᠠ᠃ ᠳᠤᠰᠬᠤᠨ ᠤ ︽ᠬᠤᠶᠠᠷ ᠵᠦᠪᠯᠡᠯ︾ ᠤᠨ ᠪᠠᠭ ᠤᠨ ᠪᠦᠷᠢᠯᠳᠤᠬᠦᠨ ᠬᠡᠰᠢᠬᠦᠨ 8 ᠬᠦᠮᠦᠨ᠂ ᠡᠬᠦᠨ ᠤ ᠳᠤᠳᠤᠷ᠎ᠠ ᠨᠠᠮ ᠤᠨ ᠡᠬᠦᠷ 3 ᠬᠦᠮᠦᠨ᠂ ᠳᠤᠰᠬᠤᠨ ᠤ ᠵᠦᠪᠯᠡᠯ 5 ᠬᠦᠮᠦᠨ᠂ ᠨᠠᠮ ᠤᠨ ᠬᠡᠰᠢᠬᠦᠨ ᠨᠡᠶᠢᠳᠡ 61 ᠬᠦᠮᠦᠨ ᠪᠠᠶᠢᠨ᠎ᠠ᠃      ᠬᠦᠨᠳᠡᠢ ᠶᠢᠨ ᠭᠠᠴᠠᠭ᠎ᠠ     ᠬᠦᠨᠳᠡᠢ ᠶᠢᠨ ᠭᠠᠴᠠᠭ᠎ᠠ ᠪᠤᠯ ᠨᠢᠬᠡᠨ ᠮᠠᠯ ᠠᠵᠤ ᠠᠬᠤᠢ ᠪᠠᠷ ᠭᠤᠤᠯ ᠪᠤᠯᠭᠠᠭᠰᠠᠨ ᠳᠠᠷᠢᠶᠠᠯᠠᠩ ᠮᠠᠯ ᠠᠵᠤ ᠠᠬᠤᠢ ᠶᠢ ᠤᠶᠠᠯᠳᠤᠭᠤᠯᠤᠭᠰᠠᠨ ᠬᠦᠳᠡᠭᠡ ᠳᠤᠰᠬᠤᠨ ᠪᠤᠯᠤᠨ᠎ᠠ᠂ 310 ᠡᠷᠤᠬᠡ 1055 ᠬᠦᠮᠦᠨ ᠪᠠᠶᠢᠵᠤ᠂ ᠬᠠᠷᠢᠶᠠᠳᠤ ᠤᠷᠤᠨ ᠤ ᠳᠠᠯᠠᠪᠠᠢ ᠨᠢ 74.3 ᠳᠡᠭᠰᠢ ᠳᠦᠷᠪᠡᠯᠵᠢᠨ ᠺᠢᠯᠤᠮᠧᠲᠷ᠂ ᠳᠠᠷᠢᠶᠠᠨ ᠭᠠᠵᠠᠷ ᠨᠢ 1200 ᠮᠤ᠋᠂ ᠳᠠᠷᠢᠶᠠᠯᠠᠬᠤ ᠶᠢ ᠵᠤᠭᠰᠤᠭᠠᠵᠤ ᠤᠢ ᠰᠢᠭᠤᠢ ᠶᠢ ᠰᠡᠷᠬᠦᠬᠡᠭᠰᠡᠨ ᠭᠠᠵᠠᠷ ᠨᠢ 2600 ᠮᠤ᠋᠂  ᠳᠠᠷᠢᠶᠠᠯᠠᠬᠤ ᠶᠢ ᠵᠤᠭᠰᠤᠭᠠᠭᠰᠠᠨ ᠭᠠᠵᠠᠷ ᠨᠢ 3500 ᠮᠤ᠋᠂ ᠪᠠᠶᠢᠭᠠᠯᠢᠯᠢᠭ ᠡᠪᠡᠰᠣ ᠪᠡᠯᠴᠢᠭᠡᠷ ᠤᠨ ᠳᠠᠯᠠᠪᠠᠢ 2.25 ᠳᠦᠮᠡᠨ ᠮᠤ᠋ ᠪᠠᠶᠢᠵᠤ᠂ ᠭᠤᠤᠯ ᠳᠤᠰᠬᠤᠨ᠂ ᠰᠧ ᠳ᠋ᠤᠤ ᠭᠧᠤ᠂ ᠤᠢ ᠰᠢᠭᠤᠢ ᠶᠢᠨ ᠴᠡᠭ᠂ ᠰᠢᠩ ᠳ᠋ᠠ ᠨᠡᠬᠦᠳᠡᠯᠴᠢᠨ ᠤ ᠵᠢᠵᠢᠭ ᠳᠤᠭᠤᠷᠢᠭ ᠵᠡᠷᠬᠡ ᠳᠦᠷᠪᠡᠨ ᠬᠡᠰᠡᠭ ᠳᠤᠭᠤᠷᠢᠭ ᠢᠶᠠᠷ ᠪᠦᠷᠢᠯᠳᠤᠵᠡᠢ᠃ ᠭᠤᠤᠯ ᠳᠤᠰᠬᠤᠨ᠂ ᠰᠧ ᠳ᠋ᠤᠤ ᠭᠧᠤ᠂ ᠤᠢ ᠰᠢᠭᠤᠢ ᠶᠢᠨ ᠴᠢᠭ ᠨᠢ ᠭᠤᠤᠯᠳᠠᠭᠤ ᠮᠠᠯ ᠠᠵᠤ ᠠᠬᠤᠢ ᠶᠢᠨ ᠦᠢᠯᠡᠳᠪᠤᠷᠢᠯᠡᠯ ᠢᠶᠠᠷ ᠭᠤᠤᠯ ᠪᠤᠯᠭᠠᠵᠤ ᠪᠠᠶᠢᠨ᠎ᠠ᠂ ᠬᠤᠳᠠ ᠶᠢᠨ ᠶᠡᠷᠤᠩᠬᠡᠢ ᠳᠦᠯᠦᠪᠵᠢᠬᠦᠯᠬᠡ ᠶᠢ ᠦᠨᠳᠤᠰᠤᠯᠡᠪᠡᠯ ᠳᠤᠰ ᠭᠤᠷᠪᠠᠨ ᠬᠡᠰᠡᠭ ᠳᠤᠭᠤᠷᠢᠭ ᠤᠷᠤᠨ ᠶᠢ ᠨᠤᠷᠠᠭᠠᠵᠤ ᠨᠡᠬᠦᠯᠬᠡᠬᠦ ᠳᠤᠭᠤᠷᠢᠭ ᠲᠤ ᠤᠷᠤᠭᠤᠯᠵᠠᠢ᠃
 
ᠢᠷᠡᠯᠲᠡ᠄ ᠬᠤᠤᠯᠢᠩᠭᠣᠣᠯ ᠬᠤᠳᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号