ᠪᠤᠷᠤᠬᠤᠵᠢᠷ ᠵᠡᠬᠡᠯᠢ ᠭᠤᠳᠤᠮᠵᠢ ᠶᠢᠨ ᠳᠠᠨᠢᠯᠴᠠᠭᠤᠯᠭ᠎ᠠ
ᠨᠡᠶᠢᠲᠡᠯᠡᠭᠰᠡᠨ ᠴᠠᠭ᠄
2018-07-06

     ᠪᠤᠷᠤᠬᠤᠵᠢᠷ ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠪᠤᠯ ᠬᠤᠤᠯᠢᠩᠭᠤᠤᠯ ᠬᠤᠳᠠ ᠶᠢᠨ ᠵᠠᠰᠠᠭ

ᠵᠠᠬᠢᠷᠭᠠᠨ ᠤ ᠬᠤᠪᠢᠶᠠᠷᠢᠯᠠᠯ ᠢᠶᠠᠷ ᠵᠡᠬᠦᠨ ᠬᠤᠶᠢᠳᠤ ᠬᠡᠰᠡᠭ ᠲᠤ ᠪᠠᠶᠢᠷᠢᠯᠠᠵᠤ᠂ 1989 ᠤᠨ ᠳᠤ ᠪᠠᠶᠢᠭᠤᠯᠤᠭᠳᠠᠵᠠᠢ

᠂ ᠬᠠᠷᠢᠶᠠᠳᠤ ᠤᠷᠤᠨ ᠤ ᠶᠡᠷᠤᠩᠬᠡᠢ ᠳᠠᠯᠠᠪᠠᠢ ᠨᠢ 11.94 ᠳᠡᠭᠰᠢ ᠳᠦᠷᠪᠡᠯᠵᠢᠨ ᠺᠢᠯᠣᠮᠧᠲᠷ ᠪᠠᠶᠢᠵᠤ᠂ ᠬᠤᠳᠠ ᠪᠠ

ᠳᠡᠬᠦᠷᠬᠡ ᠤᠶᠠᠯᠳᠤᠭᠰᠠᠨ ᠬᠡᠯᠪᠡᠷᠢ ᠶᠢᠨ ᠵᠡᠬᠡᠯᠢ ᠭᠤᠳᠤᠮᠵᠢ ᠪᠤᠯᠤᠨ᠎ᠠ᠃ ᠬᠡᠷᠡᠭ ᠡᠷᠬᠢᠯᠡᠬᠦ ᠭᠠᠵᠠᠷ ᠲᠤ ᠪᠢᠨ ᠡᠾᠧ᠂

ᠰᠢᠩ ᠹᠠ᠂ ᠭᠠᠯᠳᠣ ᠳᠡᠷᠬᠡᠨ ᠤ ᠬᠤᠶᠢᠳᠣ ᠦᠷᠳᠡᠭᠡ᠂ ᠵᠢᠩ ᠱᠠᠨ᠂ ᠬᠤᠩ ᠱᠢ ᠵᠡᠷᠬᠡ ᠶᠢᠨ 5 ᠨᠡᠶᠢᠬᠡᠮ ᠳᠤᠭᠤᠷᠢᠭ

ᠬᠠᠷᠢᠶᠠᠯᠠᠭᠳᠠᠵᠤ ᠪᠠᠶᠢᠨ᠎ᠠ᠃ ᠬᠠᠷᠢᠶᠠᠳᠤ ᠤᠷᠤᠨ ᠳᠤ ᠨᠡᠶᠢᠳᠡ ᠪᠠᠷᠤᠭ 9155 ᠡᠷᠤᠬᠡ 23191 ᠬᠦᠮᠦᠨ

ᠪᠠᠶᠢᠨ᠎ᠠ᠂ ᠡᠬᠦᠨ ᠤ ᠳᠤᠳᠤᠷ᠎ᠠ ᠨᠡᠬᠦᠨ ᠢᠷᠡᠭᠰᠡᠨ ᠬᠦᠮᠦᠨ ᠠᠮᠠᠨ ᠳᠤᠭ᠎ᠠ ᠨᠢ 4530 ᠡᠷᠤᠬᠡ 15003 ᠬᠦᠮᠦᠨ

᠂ 18 ᠨᠠᠰᠤᠨ ᠠᠴᠠ ᠳᠡᠬᠡᠭᠰᠢᠬᠢ 8894 ᠬᠦᠮᠦᠨ᠂ 60 ᠨᠠᠰᠤᠨ ᠠᠴᠠ ᠳᠡᠬᠡᠭᠰᠢᠬᠢ 2170 ᠬᠦᠮᠦᠨ ᠪᠠᠶᠢᠨ᠎ᠠ᠃

ᠬᠠᠷᠢᠶᠠᠳᠤ ᠤᠷᠤᠨ ᠤ ᠳᠤᠳᠤᠷ᠎ᠠ ᠨᠢ ᠠᠵᠤ ᠠᠬᠤᠶᠢᠯᠠᠯ ᠠᠵᠢᠯ ᠦᠢᠯᠡᠰ ᠤᠨ ᠨᠢᠬᠡᠴᠡ 83 ᠡᠷᠤᠬᠡ᠂

ᠬᠤᠳᠠᠯᠳᠤᠭᠠᠨ ᠤ ᠴᠡᠭ 651 ᠡᠷᠤᠬᠡ ᠪᠠᠶᠢᠵᠤ᠂ ᠨᠡᠶᠢᠳᠡ 12 ᠵᠢᠵᠢᠭ ᠳᠤᠭᠤᠷᠢᠭ᠂ 192 ᠰᠠᠭᠤᠷᠢ ᠠᠰᠠᠷ᠂

7756 ᠡᠷᠤᠬᠡ ᠪᠠᠶᠢᠵᠤ᠂ ᠪᠠᠶᠢᠰᠢᠩ ᠬᠡᠷ ᠤᠨ ᠳᠤᠭᠤᠷᠢᠭ ᠨᠡᠶᠢᠳᠡ 15 ᠬᠡᠰᠡᠭ 1809 ᠡᠷᠤᠬᠡ ᠪᠠᠶᠢᠨ᠎ᠠ᠃

     ᠵᠢᠩ ᠱᠠᠨ ᠨᠡᠶᠢᠬᠡᠮ ᠳᠤᠭᠤᠷᠢᠭ

     ᠬᠠᠷᠢᠶᠠᠳᠤ ᠤᠷᠤᠨ ᠤ ᠬᠦᠷᠢᠶ᠎ᠡ ᠬᠡᠪᠴᠢᠶ᠎ᠡ ᠨᠢ ᠬᠤᠣᠯᠢᠨ ᠭᠤᠣᠯ ᠤᠨ ᠵᠡᠬᠦᠨ ᠬᠤᠶᠢᠳᠤ ᠬᠡᠰᠡᠭ ᠲᠤ

ᠪᠠᠶᠢᠷᠢᠯᠠᠵᠤ᠂ ᠵᠦᠰᠬᠤᠸᠠ ᠭᠠᠯᠳᠤ ᠳᠡᠷᠬᠡ ᠶᠢᠨ ᠦᠷᠳᠡᠭᠡ ᠲᠠᠢ ᠵᠠᠯᠭᠠᠯᠳᠤᠵᠤ᠂ ᠬᠤᠶᠢᠭᠤᠷ ᠢᠶᠠᠨ 101 ᠮᠤᠵᠢ

 ᠶᠢᠨ ᠵᠠᠮ ᠲᠠᠢ ᠨᠡᠶᠢᠯᠡᠵᠤ ᠪᠠᠶᠢᠨ᠎ᠠ᠂ ᠬᠠᠷᠢᠶᠠᠳᠤ ᠤᠷᠤᠨ ᠤ ᠳᠠᠯᠠᠪᠠᠢ ᠨᠢ 2.6 ᠳᠡᠭᠰᠢ ᠳᠦᠷᠪᠡᠯᠵᠢᠨ ᠺᠢᠯᠤᠮᠧᠲᠷ᠂

ᠬᠦᠮᠦᠨ ᠠᠮᠠ ᠶᠢᠨ ᠶᠡᠷᠤᠩᠬᠡᠢ ᠳᠤᠭ᠎ᠠ 3517 ᠡᠷᠤᠬᠡ 9464 ᠬᠦᠮᠦᠨ ᠪᠠᠶᠢᠨ᠎ᠠ᠂ ᠡᠬᠦᠨ ᠤ ᠳᠤᠳᠤᠷ᠎ᠠ ᠨᠡᠬᠦᠳᠡᠯ

ᠬᠦᠮᠦᠨ ᠠᠮᠠ ᠶᠢᠨ ᠳᠤᠭ᠎ᠠ ᠨᠢ 1375 ᠡᠷᠤᠬᠡ 4339 ᠬᠦᠮᠦᠨ ᠪᠠᠶᠢᠵᠤ᠂ 18 ᠨᠠᠰᠤᠨ ᠠᠴᠠ ᠳᠤᠷᠤᠭᠰᠢᠬᠢ

1721 ᠬᠦᠮᠦᠨ᠂ 60 ᠨᠠᠰᠤᠨ ᠠᠴᠠ ᠳᠡᠬᠡᠭᠰᠢᠬᠢ ᠨᠠᠰᠤᠳᠠᠨ 893 ᠬᠦᠮᠦᠨ ᠪᠠᠶᠢᠨ᠎ᠠ᠃ ᠬᠠᠷᠢᠶᠠᠳᠤ ᠤᠷᠤᠨ ᠤ

ᠳᠤᠳᠤᠷ᠎ᠠ ᠵᠢᠩ ᠬᠤ᠋ ᠶᠢᠨ ᠡᠮᠤᠨ᠎ᠡ ᠬᠤᠶᠢᠨ᠎ᠠ ᠬᠦᠷᠢᠶᠡᠯᠡᠩ᠂ ᠶᠢᠨ ᠯᠦᠩ ᠬᠦᠷᠢᠶᠡᠯᠡᠩ᠂ ᠨᠡᠶᠢᠳᠡ ᠶᠢᠨ ᠵᠠᠮ

ᠬᠠᠷᠢᠯᠴᠠᠭᠠᠨ ᠤ ᠬᠦᠷᠢᠶᠡᠯᠡᠩ᠂ ᠪᠠᠶᠢᠰᠢᠩ ᠬᠡᠷ ᠤᠨ ᠳᠤᠭᠤᠷᠢᠭ᠂ ᠠᠰᠠᠷ ᠵᠡᠷᠬᠡ ᠨᠡᠶᠢᠳᠡ 85 ᠰᠠᠭᠤᠷᠢ ᠠᠰᠠᠷ

3020 ᠡᠷᠤᠬᠡ᠂ ᠪᠠᠶᠢᠰᠢᠩ ᠬᠡᠷ ᠤᠨ ᠳᠤᠭᠤᠷᠢᠭ 3 ᠬᠡᠰᠡᠭ ᠨᠡᠶᠢᠳᠡ 269 ᠡᠷᠤᠬᠡ ᠪᠠᠶᠢᠨ᠎ᠠ᠃ ᠡᠬᠦᠨ ᠤ

ᠳᠤᠳᠤᠷ᠎ᠠ ᠵᠢᠩ ᠬᠤ᠋ ᠶᠢᠨ ᠬᠤᠶᠢᠨ᠎ᠠ ᠬᠦᠷᠢᠶᠡᠯᠡᠩ ᠤᠨ ᠵᠢᠵᠢᠭ ᠳᠤᠭᠤᠷᠢᠭ 51 ᠰᠠᠭᠤᠷᠢ ᠠᠰᠠᠷ 2170 ᠡᠷᠤᠬᠡ᠂

ᠵᠢᠩ ᠬᠤ᠋ ᠶᠢᠨ ᠡᠮᠤᠨ᠎ᠡ ᠬᠦᠷᠢᠶᠡᠯᠡᠩ ᠤᠨ ᠵᠢᠵᠢᠭ ᠳᠤᠭᠤᠷᠢᠭ 29 ᠰᠠᠭᠤᠷᠢ ᠠᠰᠠᠷ 682 ᠡᠷᠤᠬᠡ᠂ ᠶᠢᠨ ᠯᠦᠩ

ᠬᠦᠷᠢᠶᠡᠯᠡᠩ 2 ᠰᠠᠭᠤᠷᠢ ᠠᠰᠠᠷ 168 ᠡᠷᠤᠬᠡ᠂ ᠨᠡᠶᠢᠳᠡ ᠶᠢᠨ ᠵᠠᠮ ᠬᠠᠷᠢᠯᠴᠠᠭᠠᠨ ᠤ ᠵᠢᠵᠢᠭ ᠳᠤᠭᠤᠷᠢᠭ 3

ᠰᠠᠭᠤᠷᠢ ᠠᠰᠠᠷ 228 ᠡᠷᠤᠬᠡ ᠲᠠᠢ ᠪᠠᠶᠢᠨ᠎ᠠ᠃ ᠬᠠᠷᠢᠶᠠᠳᠤ ᠤᠷᠤᠨ ᠳᠤ ᠪᠠᠰᠠ ᠬᠤᠳᠠᠯᠳᠣᠭᠠᠨ ᠤ ᠫᠦᠰᠡ 112

ᠡᠷᠤᠬᠡ᠂ ᠳᠣᠮᠣ ᠬᠡᠯᠪᠡᠷᠢ ᠶᠢᠨ ᠬᠡᠳᠤ ᠳᠡᠯᠬᠡᠬᠦᠷ 2 ᠡᠷᠤᠬᠡ᠂  ᠰᠤᠷᠭᠠᠭᠤᠯᠢ ᠨᠢᠬᠡ ᠪᠠᠶᠢᠨ᠎ᠠ᠃                

       

     ᠪᠢᠨ ᠡᠾᠧ ᠨᠡᠶᠢᠬᠡᠮ ᠳᠤᠭᠤᠷᠢᠭ  

     ᠬᠠᠷᠢᠶᠠᠳᠤ ᠤᠷᠤᠨ ᠤ ᠬᠦᠷᠢᠶ᠎ᠡ ᠬᠡᠪᠴᠢᠶ᠎ᠡ ᠨᠢ ᠡᠮᠤᠨᠡᠰᠢ ᠪᠠᠨ ᠰᠢᠶᠠᠩ ᠶᠦᠨ ᠶᠡᠭᠡ ᠪᠠᠭᠤᠳᠠᠯ ᠠᠴᠠ

ᠬᠤᠶᠢᠨᠠᠰᠢ ᠪᠠᠨ ᠬᠤᠶᠠᠷ ᠨᠦᠬᠦᠳᠤ ᠬᠦᠬᠦᠷᠬᠡ᠂ ᠵᠡᠬᠦᠨᠰᠢ ᠪᠠᠨ ᠳᠡᠮᠤᠷ ᠵᠠᠮ ᠬᠦᠷᠴᠦ᠂ ᠬᠠᠷᠢᠶᠠᠳᠤ ᠤᠷᠤᠨ ᠤ

ᠳᠠᠯᠠᠪᠠᠢ ᠨᠢ 0.22 ᠳᠡᠭᠰᠢ ᠳᠦᠷᠪᠡᠯᠵᠢᠨ ᠺᠢᠯᠤᠮᠧᠲᠷ᠂ ᠶᠡᠷᠤᠩᠬᠡᠢ ᠬᠦᠮᠦᠨ ᠠᠮᠠᠨ ᠳᠤᠭ᠎ᠠ 545 ᠡᠷᠤᠬᠡ

1340 ᠬᠦᠮᠦᠨ ᠲᠠᠢ ᠪᠠᠶᠢᠨ᠎ᠠ᠂ ᠡᠬᠦᠨ ᠤ ᠳᠤᠳᠤᠷ᠎ᠠ ᠨᠡᠬᠦᠳᠡᠯ ᠬᠦᠮᠦᠨ ᠠᠮᠠᠨ ᠳᠤᠭ᠎ᠠ ᠨᠢ 305 ᠡᠷᠤᠬᠡ 751

ᠬᠦᠮᠤᠨ᠂ 18 ᠨᠠᠰᠤᠨ ᠠᠴᠠ ᠳᠤᠷᠤᠭᠰᠢᠬᠢ 217 ᠬᠦᠮᠦᠨ᠂ 60 ᠨᠠᠰᠤᠨ ᠠᠴᠠ ᠳᠡᠬᠡᠭᠰᠢᠬᠢ ᠨᠠᠰᠤᠳᠠᠨ 173

ᠬᠦᠮᠦᠨ ᠪᠠᠶᠢᠨ᠎ᠠ᠃ ᠬᠠᠷᠢᠶᠠᠳᠤ ᠤᠷᠤᠨ ᠤ ᠳᠤᠳᠤᠷ᠎ᠠ ᠨᠡᠶᠢᠳᠡ ᠪᠢᠨ ᠡᠾᠧ ᠬᠤᠸᠠ ᠶᠤᠸᠠᠨ 1 ᠵᠢᠵᠢᠭ ᠳᠤᠭᠤᠷᠢᠭ᠂

5 ᠰᠠᠭᠤᠷᠢ ᠠᠰᠠᠷ 195 ᠡᠷᠤᠬᠡ᠂ ᠪᠠᠶᠢᠰᠢᠩ ᠬᠡᠷ 3 ᠬᠡᠰᠡᠭ 223 ᠡᠷᠤᠬᠡ᠂ ᠬᠤᠶᠠᠷ ᠳᠠᠪᠬᠤᠷ ᠠᠰᠠᠷ ᠤᠨ

ᠬᠤᠳᠠᠯᠳᠤᠭ᠎ᠠ 127 ᠡᠷᠤᠬᠡ ᠪᠠᠶᠢᠨ᠎ᠠ᠃

     ᠰᠢᠩ ᠹᠠ ᠨᠡᠶᠢᠬᠡᠮ ᠳᠤᠭᠤᠷᠢᠭ

     ᠬᠠᠷᠢᠶᠠᠳᠤ ᠤᠷᠤᠨ ᠤ ᠬᠦᠷᠢᠶ᠎ᠡ ᠬᠡᠪᠴᠢᠶ᠎ᠡ ᠨᠢ ᠵᠡᠬᠦᠨᠰᠢ ᠪᠠᠨ ᠬᠤᠤᠯᠢᠨ ᠭᠤᠤᠯ᠂ ᠡᠮᠤᠨᠡᠰᠢ ᠪᠠᠨ ᠭᠠᠯᠳᠤ

ᠳᠡᠷᠬᠡ ᠶᠢᠨ ᠦᠷᠳᠡᠭᠡ ᠶᠢᠨ ᠭᠠᠵᠠᠷ ᠳᠤᠤᠷᠠᠬᠢ ᠨᠡᠪᠳᠡᠷᠡᠬᠦ ᠵᠠᠮ᠂ ᠪᠠᠷᠠᠭᠤᠨᠰᠢ ᠪᠠᠨ ᠪᠢᠨ ᠡᠾᠧ ᠳᠡᠮᠤᠷ ᠵᠠᠮ᠂

ᠬᠤᠶᠢᠰᠢ ᠪᠠᠨ ᠤᠢ ᠰᠢᠭᠤᠢ ᠶᠢᠨ ᠴᠠᠭᠳᠠᠭ᠎ᠠ ᠶᠢᠨ ᠳᠤᠮᠳᠠ ᠠᠩᠬᠢ ᠬᠦᠷᠴᠦ᠂ ᠬᠠᠷᠢᠶᠠᠳᠤ ᠤᠷᠤᠨ ᠤ ᠳᠠᠯᠠᠪᠠᠢ ᠨᠢ

1.83 ᠳᠡᠭᠰᠢ ᠳᠦᠷᠪᠡᠯᠵᠢᠨ ᠺᠢᠯᠤᠮᠧᠲᠷ᠂ ᠬᠦᠮᠦᠨ ᠠᠮᠠ ᠶᠢᠨ ᠶᠠᠷᠤᠩᠬᠡᠢ ᠲᠤᠭ᠎ᠠ 853 ᠡᠷᠤᠬᠡ 2114

ᠬᠦᠮᠦᠨ ᠪᠠᠶᠢᠨ᠎ᠠ᠂ ᠡᠬᠦᠨ ᠤ ᠳᠤᠳᠤᠷ᠎ᠠ ᠨᠡᠬᠦᠳᠡᠯ ᠬᠦᠮᠦᠨ ᠠᠮᠠ ᠶᠢᠨ ᠳᠤᠭ᠎ᠠ ᠨᠢ 193 ᠡᠷᠤᠬᠡ 369 ᠬᠦᠮᠦᠨ᠂

60 ᠨᠠᠰᠤᠨ ᠠᠴᠠ ᠳᠡᠬᠡᠭᠰᠢᠬᠢ ᠨᠠᠰᠤᠳᠠᠨ 236 ᠬᠦᠮᠦᠨ᠂ 18 ᠨᠠᠰᠤᠨ ᠠᠴᠠ ᠳᠤᠷᠤᠭᠰᠢᠬᠢ 321 ᠬᠦᠮᠦᠨ

ᠪᠠᠶᠢᠨ᠎ᠠ᠂ ᠬᠠᠷᠢᠶᠠᠳᠤ ᠤᠷᠤᠨ ᠳᠤ ᠨᠡᠶᠢᠳᠡ 2 ᠵᠢᠵᠢᠭ ᠳᠤᠭᠤᠷᠢᠭ ᠲᠠᠢ᠂ ᠠᠰᠠᠷ 28 ᠰᠠᠭᠤᠷᠢ 1070 ᠡᠷᠤᠬᠡ᠂

ᠬᠡᠷ ᠪᠠᠶᠢᠰᠢᠩ ᠤᠨ ᠳᠤᠭᠤᠷᠢᠭ 4 ᠬᠡᠰᠡᠭ᠂ ᠨᠡᠶᠢᠳᠡ 45 ᠡᠷᠤᠬᠡ ᠲᠠᠢ᠂ ᠡᠬᠦᠨ ᠤ ᠳᠤᠳᠤᠷ᠎ᠠ ᠱᠦᠢ ᠠᠨ ᠮᠢᠩ

ᠳ᠋ᠦ᠋ ᠵᠢᠵᠢᠭ ᠳᠤᠭᠤᠷᠢᠭ 5 ᠰᠠᠭᠤᠷᠢ ᠠᠰᠠᠷ 303 ᠡᠷᠤᠬᠡ 45 ᠬᠤᠳᠠᠯᠳᠤᠭᠠᠨ ᠤ ᠫᠦᠰᠡ︔ ᠰᠢᠩ ᠹᠠ ᠵᠢᠵᠢᠭ

ᠳᠤᠭᠤᠷᠢᠭ 23 ᠰᠠᠭᠤᠷᠢ ᠠᠰᠠᠷ 770 ᠡᠷᠤᠬᠡ᠂ 32  ᠬᠤᠳᠠᠯᠳᠤᠭᠠᠨ ᠤ  ᠫᠦᠰᠡ ᠪᠠᠶᠢᠨ᠎ᠠ᠃

     ᠬᠤᠩ ᠱᠢ ᠨᠡᠶᠢᠬᠡᠮ ᠳᠤᠭᠤᠷᠢᠭ

     ᠬᠠᠷᠢᠶᠠᠳᠤ ᠤᠷᠤᠨ ᠤ ᠬᠦᠷᠢᠶ᠎ᠡ ᠬᠡᠪᠴᠢᠶ᠎ᠡ ᠨᠢ ᠵᠡᠬᠦᠨᠰᠢ ᠪᠠᠨ ᠯᠦᠩ ᠰᠢᠩ ᠰᠢᠨ᠎ᠡ ᠦᠶ᠎ᠡ ᠶᠢᠨ ᠬᠤᠳᠠ᠂

ᠬᠤᠶᠢᠨᠠᠰᠢ ᠪᠠᠨ ᠰᠠᠨ ᠶᠧᠤ ᠮᠠᠰᠢᠨ ᠳᠡᠷᠬᠡ ᠶᠢᠨ ᠭᠠᠷᠠᠮ᠂ ᠪᠠᠷᠠᠭᠤᠨᠰᠢ ᠪᠠᠨ ᠬᠤᠸᠠ ᠯᠦᠩ ᠰᠢᠨ᠎ᠡ ᠬᠤᠳᠠ᠂

ᠡᠮᠤᠨᠡᠰᠢ ᠪᠠᠨ ᠬᠤᠸᠠ ᠯᠦᠩ ᠰᠢᠨ᠎ᠡ ᠬᠤᠳᠠ ᠬᠦᠷᠴᠦ᠂ ᠬᠠᠷᠢᠶᠠᠳᠤ ᠤᠷᠤᠨ ᠤ ᠶᠡᠷᠤᠩᠬᠡᠢ ᠳᠠᠯᠠᠪᠠᠢ ᠨᠢ 4 ᠳᠦᠮᠡᠨ

ᠳᠡᠭᠰᠢ ᠳᠦᠷᠪᠡᠯᠵᠢᠨ ᠺᠢᠯᠤᠮᠧᠲᠷ᠂ ᠶᠡᠷᠤᠩᠬᠡᠢ ᠬᠦᠮᠦᠨ ᠠᠮᠠᠨ ᠳᠤᠭ᠎ᠠ 3677 ᠡᠷᠤᠬᠡ 8980 ᠬᠦᠮᠦᠨ ᠪᠠᠶᠢᠨ᠎ᠠ᠂

ᠡᠬᠦᠨ ᠤ ᠳᠤᠳᠤᠷ᠎ᠠ ᠨᠡᠬᠦᠳᠡᠯ ᠬᠦᠮᠦᠨ ᠠᠮᠠᠨ ᠳᠤᠭ᠎ᠠ 2387 ᠡᠷᠤᠬᠡ 8913 ᠬᠦᠮᠦᠨ ᠪᠠᠶᠢᠵᠤ᠂ 60 ᠨᠠᠰᠤᠨ

 ᠠᠴᠠ ᠳᠡᠬᠡᠭᠰᠢᠬᠢ ᠨᠠᠰᠤᠳᠠᠨ 647 ᠬᠦᠮᠦᠨ᠂ 18 ᠨᠠᠰᠤᠨ‌ᠡᠴᠡ ᠳᠤᠷᠤᠭᠰᠢ 1979 ᠬᠦᠮᠦᠨ ᠪᠠᠶᠢᠨ᠎ᠠ᠃

ᠬᠠᠷᠢᠶᠠᠳᠤ ᠤᠷᠤᠨ ᠤ ᠳᠤᠳᠤᠷ᠎ᠠ ᠨᠡᠶᠢᠳᠡ 4 ᠵᠢᠵᠢᠭ ᠳᠤᠭᠤᠷᠢᠭ ᠲᠠᠢ᠂ 50 ᠰᠠᠭᠤᠷᠢ ᠠᠰᠠᠷ 2968 ᠡᠷᠤᠬᠡ᠂

ᠬᠡᠷ ᠪᠠᠶᠢᠰᠢᠩ 2 ᠬᠡᠰᠡᠭ ︵ᠳ᠋ᠢ ᠼᠠᠢ᠂ ᠰᠠᠨ ᠶᠧᠤ ᠮᠠᠰᠢᠨ ᠳᠡᠷᠬᠡ ᠶᠢᠨ ᠭᠠᠷᠠᠮ ᠪᠠ ᠭᠤᠷᠪᠠᠯᠵᠢᠨ ᠳᠤᠭᠤᠷᠢᠭ

ᠪᠠᠭᠳᠠᠨ᠎ᠠ︶ ᠨᠡᠶᠢᠳᠡ 709 ᠡᠷᠤᠬᠡ ᠪᠠᠶᠢᠨ᠎ᠠ᠃ ᠡᠬᠦᠨ ᠤ ᠳᠤᠳᠤᠷ᠎ᠠ ᠬᠤᠸᠠ ᠯᠦᠩ ᠰᠢᠨ᠎ᠡ ᠬᠤᠳᠠ ᠶᠢᠨ ᠵᠢᠵᠢᠭ

ᠳᠤᠭᠤᠷᠢᠭ 28 ᠰᠠᠭᠤᠷᠢ ᠠᠰᠠᠷ 1642 ᠡᠷᠤᠬᠡ᠂ ᠳ᠋ᠦᠩ ᠶᠠᠩ ᠶᠠ ᠵᠢᠤᠢ 12 ᠰᠠᠭᠤᠷᠢ ᠠᠰᠠᠷ 879 ᠡᠷᠤᠬᠡ᠂

ᠳ᠋ᠦᠩ ᠶᠠᠩ ᠪᠠᠷᠠᠭᠠᠨ ᠤ ᠬᠦᠢᠯᠬᠡᠬᠡ 2 ᠰᠠᠭᠤᠷᠢ ᠠᠰᠠᠷ 291 ᠡᠷᠤᠬᠡ᠂ ᠬᠤᠸᠠ ᠯᠦᠩ ᠰᠢᠨ᠎ᠡ ᠦᠶ᠎ᠡ ᠶᠢᠨ

ᠬᠤᠳᠠ ᠶᠢᠨ ᠵᠢᠵᠢᠭ ᠳᠤᠭᠤᠷᠢᠭ ᠨᠡᠶᠢᠳᠡ 8 ᠰᠠᠭᠤᠷᠢ ᠠᠰᠠᠷ 156 ᠡᠷᠤᠬᠡ ᠲᠠᠢ ᠪᠠᠶᠢᠵᠤ᠂ ᠬᠤᠳᠠᠯᠳᠤᠭᠠᠨ ᠤ

ᠫᠦᠰᠡ 305 ᠡᠷᠤᠬᠡ᠂ ᠠᠵᠤ ᠠᠬᠤᠶᠢᠯᠠᠯ 3 ᠡᠷᠤᠬᠡ ᠪᠠᠶᠢᠨ᠎ᠠ᠃

    ᠭᠠᠯᠳᠣ ᠳᠡᠷᠬᠡᠨ ᠤ ᠬᠤᠶᠢᠳᠣ ᠦᠷᠳᠡᠭᠡ ᠨᠡᠶᠢᠬᠡᠮ ᠳᠤᠭᠤᠷᠢᠭ

    ᠬᠠᠷᠢᠶᠠᠳᠤ ᠤᠷᠤᠨ ᠤ ᠬᠦᠷᠢᠶ᠎ᠡ ᠬᠡᠪᠴᠢᠶ᠎ᠡ ᠨᠢ ᠬᠤᠤᠯᠢᠩᠭᠤᠤᠯ ᠬᠤᠳᠠ ᠶᠢᠨ ᠵᠦᠰᠬᠤᠸᠠ ᠭᠠᠯᠳᠤ ᠳᠡᠷᠬᠡ

 ᠶᠢᠨ ᠦᠷᠳᠡᠭᠡ ᠪᠤᠯᠤᠨ᠎ᠠ᠂ ᠵᠡᠬᠦᠨᠰᠢ ᠪᠠᠨ ᠬᠤᠤᠯᠢᠨ ᠭᠤᠤᠯ ᠭᠤᠤᠯ ᠤᠨ ᠵᠠᠮ᠂ ᠪᠠᠷᠠᠭᠤᠨᠰᠢ ᠪᠠᠨ ᠪᠦᠯᠦᠭᠯᠡᠯ ᠤᠨ

ᠺᠤᠮᠫᠠᠨᠢ ᠶᠢᠨ ᠪᠠᠷᠠᠭ᠎ᠠ ᠳᠡᠬᠡᠬᠡᠪᠤᠷᠢ ᠶᠢᠨ ᠳᠡᠮᠤᠷ ᠵᠠᠮ᠂ ᠡᠮᠤᠨᠡᠰᠢ ᠪᠠᠨ ᠤᠢ ᠰᠢᠭᠤᠢ ᠶᠢᠨ ᠴᠠᠭᠳᠠᠭ᠎ᠠ ᠶᠢᠨ ᠳᠤᠮᠳᠠ

ᠠᠩᠬᠢ᠂ ᠬᠤᠶᠢᠨᠠᠰᠢ ᠪᠠᠨ ᠵᠦᠰᠬᠤᠸᠠ ᠳᠡᠮᠤᠷ ᠵᠠᠮ ᠤᠨ ᠬᠦᠬᠦᠷᠬᠡ ᠬᠦᠷᠦᠨ᠎ᠡ᠂ ᠬᠠᠷᠢᠶᠠᠳᠤ ᠤᠷᠤᠨ ᠤ ᠶᠡᠷᠤᠩᠬᠡᠢ

ᠳᠠᠯᠠᠪᠠᠢ ᠨᠢ 2.4 ᠳᠡᠭᠰᠢ ᠳᠦᠷᠪᠡᠯᠵᠢᠨ ᠺᠢᠯᠤᠮᠧᠲᠷ᠂ ᠶᠡᠷᠤᠩᠬᠡᠢ ᠬᠦᠮᠦᠨ ᠠᠮᠠᠨ ᠶᠢᠨ ᠳᠤᠭ᠎ᠠ ᠨᠢ 563 ᠡᠷᠤᠬᠡ

1293 ᠬᠦᠮᠦᠨ ᠲᠠᠢ᠂ ᠨᠡᠬᠦᠳᠡᠯ ᠬᠦᠮᠦᠨ ᠠᠮᠠ ᠶᠢᠨ ᠳᠤᠭ᠎ᠠ 270 ᠡᠷᠤᠬᠡ 631 ᠬᠦᠮᠦᠨ᠂ 18 ᠨᠠᠰᠤᠨ

 ᠠᠴᠠ ᠳᠤᠷᠤᠭᠰᠢ 209 ᠬᠦᠮᠦᠨ᠂ 60 ᠨᠠᠰᠤᠨ ᠠᠴᠠ ᠳᠡᠬᠡᠭᠰᠢᠬᠢ ᠨᠠᠰᠤᠳᠠᠨ 221 ᠬᠦᠮᠦᠨ ᠪᠠᠶᠢᠨ᠎ᠠ᠃

ᠬᠠᠷᠢᠶᠠᠳᠤ ᠤᠷᠤᠨ ᠤ ᠳᠤᠳᠤᠷ᠎ᠠ ᠨᠡᠶᠢᠳᠡ ᠵᠦᠰᠬᠤᠸᠠ ᠡᠮᠤᠨ᠎ᠡ ᠬᠤᠶᠢᠨ᠎ᠡ ᠬᠤᠶᠠᠷ ᠬᠦᠷᠢᠶᠡᠯᠡᠩ ᠤᠨ 2 ᠵᠢᠵᠢᠭ

ᠳᠤᠭᠤᠷᠢᠭ᠂ 24 ᠰᠠᠭᠤᠷᠢ ᠠᠰᠠᠷ 503 ᠡᠷᠤᠬᠡ᠂ ᠬᠡᠷ ᠪᠠᠶᠢᠰᠢᠩ ᠤᠨ ᠳᠤᠭᠤᠷᠢᠭ 3 ᠬᠡᠰᠡᠭ ᠨᠡᠶᠢᠳᠡ 563

ᠡᠷᠤᠬᠡ ᠪᠠᠶᠢᠨ᠎ᠠ᠃ ᠡᠬᠦᠨ ᠤ ᠳᠤᠳᠤᠷ᠎ᠠ ᠵᠦᠰᠬᠤᠸᠠ ᠡᠮᠤᠨ᠎ᠡ ᠬᠦᠷᠢᠶᠡᠯᠡᠩ ᠤᠨ ᠵᠢᠵᠢᠭ ᠳᠤᠭᠤᠷᠢᠭ 12 ᠰᠠᠭᠤᠷᠢ

ᠠᠰᠠᠷ 237 ᠡᠷᠤᠬᠡ᠂ ᠵᠦᠰᠬᠤᠸᠠ ᠬᠤᠶᠢᠨ᠎ᠠ ᠬᠦᠷᠢᠶᠡᠯᠡᠩ ᠤᠨ ᠵᠢᠵᠢᠭ ᠳᠤᠭᠤᠷᠢᠭ 12 ᠰᠠᠭᠤᠷᠢ ᠠᠰᠠᠷ 266

ᠡᠷᠤᠬᠡ᠂ ᠬᠡᠷ ᠪᠠᠶᠢᠰᠢᠩ ᠤᠨ ᠳᠤᠭᠤᠷᠢᠭ ᠲᠤ ᠠᠮᠤ ᠪᠤᠳᠠᠭᠠᠨ ᠤ ᠬᠦᠮᠦᠷᠬᠡ᠂ ᠵᠠᠮ ᠤᠨ ᠵᠡᠬᠦᠨ᠂ ᠳᠤᠰᠤ ᠨᠡᠮᠡᠬᠦ

ᠦᠷᠳᠡᠭᠡ ᠶᠢᠨ ᠬᠤᠶᠢᠳᠤ ᠬᠡᠰᠡᠭ ᠵᠡᠷᠬᠡ ᠨᠡᠶᠢᠳᠡ 59 ᠡᠷᠤᠬᠡ ᠲᠠᠢ᠃ ᠬᠠᠷᠢᠶᠠᠳᠤ ᠤᠷᠤᠨ ᠤ ᠳᠤᠳᠤᠷ᠎ᠠ ᠪᠠᠰᠠ

ᠯᠦᠩ ᠸᠠᠩ ᠪᠦᠯᠦᠭᠯᠡᠯ ᠤᠨ ᠺᠤᠮᠫᠠᠨᠢ᠂ ᠶᠦᠩ ᠰᠢᠩ ᠱᠦᠢᠨᠢ ᠶᠢᠨ ᠦᠢᠯᠡᠳᠪᠤᠷᠢ᠂ ᠳᠠᠪᠤᠰᠤᠨ ᠤ ᠦᠢᠯᠡᠰ ᠤᠨ

ᠺᠤᠮᠫᠠᠨᠢ᠂ ᠪᠠᠢ ᠲᠦᠩ ᠮᠠᠰᠢᠨ ᠳᠡᠷᠬᠡ ᠶᠢᠨ ᠠᠷᠠᠯᠵᠢᠶ᠎ᠠ ᠵᠡᠷᠬᠡ 41 ᠠᠵᠤ ᠠᠬᠤᠶᠢᠯᠠᠯ ᠪᠠᠶᠢᠨ᠎ᠠ᠃

 
ᠢᠷᠡᠯᠲᠡ᠄ ᠬᠤᠤᠯᠢᠩᠭᠣᠣᠯ ᠬᠤᠳᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号