ᠭᠤᠣᠯ ᠤᠨ ᠳᠠᠷᠤᠭ᠎ᠠ ᠶᠢᠨ ᠬᠠᠷᠢᠭᠤᠴᠠᠯᠭ᠎ᠠ ᠶᠢᠨ ᠳᠦᠷᠢᠮ ᠤᠨ ᠣᠷᠳᠣ ᠬᠤᠭᠤᠴᠠᠭᠠᠨ ᠤ ᠳᠣᠭᠳᠠᠯᠴᠠᠭ᠎ᠠ ᠶᠢ | ᠣᠯᠠᠮ ᠨᠢᠬᠡ ᠠᠯᠬᠤᠮ ᠴᠢᠩᠭᠠᠳᠬᠠᠬᠤ ᠶᠢᠨ ᠳᠦᠯᠦᠬᠡ᠂ ᠭᠤᠣᠯ ᠤᠨ ᠳᠠᠷᠤᠭ᠎ᠠ ᠶᠢᠨ ᠡᠬᠦᠷᠬᠡ ᠬᠠᠷᠢᠭᠤᠴᠠᠯᠭ᠎ᠠ ᠶᠢ | ᠨᠠᠷᠢᠨ ᠬᠢᠨᠠᠮᠠᠭᠠᠢ ᠬᠡᠷᠡᠭᠵᠢᠬᠦᠯᠵᠣ᠂ ᠭᠤᠣᠯ ᠤᠨ ᠣᠷᠣᠰᠬᠠᠯ ᠤᠨ ᠰᠠᠭᠠᠳ ᠦᠬᠡᠢ ᠪᠠᠶᠢᠬᠤ ᠶᠢ ᠪᠠᠳᠣᠯᠠᠵᠣ᠂ | ᠪᠣᠷᠣᠬᠤᠵᠢᠷ ᠵᠡᠬᠡᠯᠢ ᠭᠤᠳᠣᠮᠵᠢ ᠶᠢᠨ ᠪᠢᠨ ᠾᠧ ᠨᠡᠶᠢᠬᠡᠮ ᠳᠣᠭᠤᠷᠢᠭ ᠦᠶᠡᠷ ᠤᠨ ᠬᠤᠭᠤᠴᠠᠭᠠᠨ ᠤ ᠭᠤᠣᠯ ᠢ | ᠴᠠᠭᠳᠠᠬᠤ ᠠᠵᠢᠯ ᠢ ᠢᠳᠡᠪᠬᠢᠳᠡᠢ ᠦᠷᠨᠢᠬᠦᠯᠵᠡᠢ᠃ | ᠭᠤᠣᠯ ᠢ ᠴᠠᠭᠳᠠᠨ ᠪᠠᠶᠢᠴᠠᠭᠠᠬᠤ ᠶᠠᠪᠣᠴᠠ ᠳᠤ᠂ ᠭᠤᠣᠯᠳᠠᠭᠤ ᠭᠤᠣᠯ ᠮᠦᠷᠡᠨ ᠤ ᠠᠷᠢᠭᠤᠨ ᠴᠡᠪᠡᠷ ᠤᠨ | ᠪᠠᠶᠢᠳᠠᠯ᠂ ᠭᠤᠣᠯ ᠮᠦᠷᠡᠨ ᠤ ᠭᠠᠳᠠᠷᠭᠤ ᠳᠤ ᠳᠡᠭᠳᠡᠵᠣ ᠪᠠᠶᠢᠭ᠎ᠠ ᠬᠤᠭ ᠨᠣᠪᠴᠢ᠂ ᠭᠤᠣᠯ ᠤᠨ ᠬᠦᠪᠡᠭᠡ ᠶᠢᠨ | ᠴᠡᠪᠡᠷᠯᠡᠭᠰᠠᠨ ᠪᠠᠶᠢᠳᠠᠯ᠂ ᠭᠤᠣᠯ ᠤᠨ ᠢᠷᠣᠭᠠᠷ ᠤᠨ ᠪᠣᠵᠢᠷ ᠰᠢᠪᠠᠷ ᠪᠣᠶᠣ ᠬᠤᠭ ᠨᠣᠪᠴᠢ ᠬᠤᠷᠠᠮᠳᠣᠭᠰᠠᠨ ᠡᠰᠡᠬᠦ ᠶᠢ | ᠪᠠᠶᠢᠴᠠᠭᠠᠵᠣ᠂ ᠭᠤᠣᠯ ᠮᠦᠷᠡᠨ ᠢ ᠴᠠᠭᠳᠠᠨ ᠪᠠᠶᠢᠴᠠᠭᠠᠭᠰᠠᠨ ᠳᠡᠮᠳᠡᠭᠯᠡᠯ ᠢ ᠬᠢᠨᠠᠮᠠᠭᠠᠢ ᠬᠢᠵᠠᠢ᠂ ᠬᠠᠮᠳᠣ ᠳᠤ ᠨᠢ | ᠴᠠᠭᠳᠠᠨ ᠪᠠᠶᠢᠴᠠᠭᠠᠬᠤ ᠶᠠᠪᠣᠴᠠ ᠳᠤ ᠢᠯᠡᠷᠡᠬᠦᠯᠦᠭᠰᠡᠨ ᠠᠰᠠᠭᠤᠳᠠᠯ ᠳᠤ ᠴᠡᠭᠴᠡᠯᠡᠨ ᠵᠠᠰᠠᠬᠤ ᠠᠷᠭ᠎ᠠ ᠬᠡᠮᠵᠢᠶ᠎ᠠ | ᠳᠣᠷᠠᠳᠴᠠᠢ᠃ |